ᠴᠢᠨᠣ᠎ᠠ ᠲᠤᠲ᠋ᠸᠮ -ᠰᠠᠴᠤᠷᠠᠭЧоно тотем-Сацраг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠨᠣ᠎ᠠ ᠲᠤᠲ᠋ᠸᠮ -ᠰᠠᠴᠤᠷᠠᠭЧоно тотем-Сацраг

ᠴᠢᠨᠣ᠎ᠠ ᠲᠤᠲ᠋ᠸᠮ -ᠰᠠᠴᠤᠷᠠᠭЧоно тотем-Сацраг

ᠠᠩᠭᠢᠯᠠᠯ:ᠳᠠᠭᠤᠤ ᠬᠥᠭᠵᠢᠮ
2024-12-29

3942

ᠴᠢᠨᠣ᠎ᠠ ᠲᠤᠲ᠋ᠸᠮ

  ᠳᠠᠭᠤᠴᠢᠨ᠄ ᠰᠠᠴᠤᠷᠠᠭ 
ᠠᠷᠰᠯᠠᠨ ᠢᠷᠠᠪᠠᠰᠤ ᠠᠯᠠᠯᠳᠤᠨ  ᠤᠷᠤᠯᠳᠤᠶ᠎ᠠ 
ᠪᠠᠷᠰ ᠢᠷᠠᠪᠠᠰᠤ ᠪᠠᠢᠯᠳᠤᠨ ᠤᠷᠤᠯᠳᠤᠶ᠎ᠠ 
ᠵᠠᠭᠠᠨ ᠢᠷᠠᠪᠠᠰᠤ ᠵᠠᠨᠴᠢᠯᠳᠤᠨ ᠤᠷᠤᠯᠳᠤᠶ᠎ᠠ  
ᠬᠥᠮᠦᠨ ᠢᠷᠠᠪᠠᠰᠤ ᠬᠦᠴᠦᠯᠳᠦᠨ ᠤᠷᠤᠯᠳᠤᠶ᠎ᠠ 
ᠬᠠᠳᠬᠤᠭᠴᠢ ᠡᠷᠢᠶᠡᠨ ᠮᠣᠭᠠᠢ ᠪᠣᠯᠬᠤ ᠪᠣᠯ 
ᠬᠠᠨ ᠭᠠᠷᠤᠳᠢ ᠪᠣᠯᠤᠨ ᠳᠡᠭᠡᠭᠦᠷ ᠨᠢ ᠳᠡᠭᠦᠯᠢᠨ᠎ᠡ 
ᠬᠦᠷᠬᠢᠷᠡᠬᠦ ᠡᠷᠢᠶᠡᠨ ᠪᠠᠷᠰ ᠪᠣᠯᠬᠤ ᠪᠣᠯ
ᠬᠥᠬᠡ ᠵᠤᠭᠳᠤᠷᠲᠤ ᠠᠷᠰᠯᠠᠨ ᠪᠣᠯᠤᠶ᠎ᠠ
ᠠᠷᠪᠠᠲᠤ ᠪᠣᠯᠤᠨ ᠠᠶᠤᠩᠭᠠᠯᠠᠨ ᠨᠢᠷᠭᠡᠶ᠎ᠡ 
ᠵᠠᠭᠤᠲᠤ ᠪᠣᠯᠤᠨ ᠵᠢᠷᠦᠬᠡᠨ ᠳ᠋ᠤᠨᠢ ᠨᠢᠷᠭᠡᠶ᠎ᠡ
ᠮᠢᠩᠭᠠᠲᠤ ᠪᠣᠯᠤᠨ ᠮᠥᠷᠭᠥᠯᠳᠦᠨ ᠨᠢᠷᠭᠡᠶ᠎ᠡ
ᠲᠦᠮᠡᠲᠦ ᠪᠣᠯᠤᠨ ᠲᠩᠷᠢ ᠪᠡᠷ ᠨᠢᠷᠭᠡᠶ᠎ᠡ
ᠦᠶᠡᠷᠯᠡᠨ ᠢᠷᠠᠪᠠᠰᠤ ᠦᠬᠦᠯᠳᠦᠨ ᠦᠵᠡᠯᠴᠡᠶ᠎ᠡ  
ᠨᠥᠮᠥᠷᠦᠨ ᠢᠷᠠᠪᠠᠰᠤ ᠨᠦᠳᠦᠯᠳᠦᠨ ᠤᠷᠤᠯᠳᠤᠶ᠎ᠠ
ᠨᠢᠰᠦᠯᠳᠦᠨ ᠢᠷᠠᠪᠠᠰᠤ ᠬᠠᠷᠪᠤᠯᠳᠤᠨ ᠤᠷᠤᠯᠳᠤᠶ᠎ᠠ
ᠴᠠᠬᠢᠯᠤᠨ ᠢᠷᠠᠪᠠᠰᠤ ᠴᠠᠪᠴᠢᠯᠳᠤᠨ ᠲᠡᠮᠡᠴᠡᠶ᠎ᠡ
     ᠦᠰᠦᠭ ᠠᠮᠢᠯᠠᠭᠤᠯᠤᠭᠴᠢ᠄ ᠣᠳᠬᠣᠨᠴᠡᠴᠡᠭ
     ᠦᠰᠦᠭ ᠬᠠᠳᠠᠭᠴᠢ᠄ ᠣᠳᠬᠣᠨᠴᠡᠴᠡᠭ
     ᠬᠢᠨᠠᠭᠴᠢ ᠪᠠᠭᠰᠢ᠄ ᠾᠦᠩ ᠸᠸᠢ ᠂ ᠮᠥᠴᠢᠷ