ᠬᠤᠷᠳᠤᠨ ᠴᠠᠭᠠᠨХурдан цагаан
ᠬᠤᠷᠳᠤᠨ ᠴᠠᠭᠠᠨ
ᠲᠤᠰ ᠡᠮ ᠪᠣᠯ ᠬᠤᠷᠳᠤᠨ ᠴᠠᠭᠠᠨ ᠤ᠋ ᠢᠵᠠᠭᠤᠷ ᠤ᠋ᠨ ᠤᠷᠭᠤᠮᠠᠯ ᠪᠣᠯᠬᠤ ᠬᠤᠷᠳᠤᠨ ᠴᠠᠭᠠᠨ ᠤ᠋ ᠬᠠᠲᠠᠭᠠᠭᠰᠠᠨ ᠦᠨᠳᠦᠰᠦ ᠮᠥᠨ᠃ ᠪᠠᠰᠠ ᠪᠣᠷᠣ ᠰᠣᠷᠣᠯᠣ ᠰᠦᠭᠷᠠ ᠭᠡᠳᠡᠭ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃40—50cmᠥᠨᠳᠥᠷ᠂ ᠴᠠᠭᠠᠨ ᠰᠦ ᠲᠡᠢ᠃ ᠡᠰᠢ ᠨᠢ ᠰᠢᠯᠤᠭᠤᠨ ᠪᠥᠭᠡᠳ ᠳᠡᠭᠡᠷ᠎ᠡ ᠬᠡᠰᠡᠭ ᠲᠡᠭᠡᠨ ᠰᠠᠯᠠᠭᠠᠯᠠᠨ᠎ᠠ᠃ᠪᠤᠭᠤᠷᠤᠯ ᠰᠢᠭ᠋ ᠥᠩᠭᠡ ᠲᠡᠢ᠃ᠡᠰᠢᠨ ᠦ᠌ ᠳᠤᠮᠳᠠ ᠠ᠋ᠴᠠ ᠳᠣᠷᠣᠭᠰᠢᠬᠢ ᠨᠠᠪᠴᠢ ᠨᠢ ᠴᠢᠭᠲᠠᠯᠠᠬᠤ ᠪᠤᠶᠤ ᠳᠤᠭᠤᠢᠷᠠᠨ ᠤᠷᠭᠤᠵᠤ᠂ ᠳᠡᠭᠡᠷ᠎ᠡ ᠬᠡᠰᠡᠭ ᠦ᠋ᠨ ᠨᠠᠪᠴᠢ ᠨᠢ ᠴᠤᠪᠤᠷᠠᠨ ᠤᠷᠭᠤᠨ᠎ᠠ᠃ ᠥᠨᠳᠡᠭᠡᠯᠵᠢᠨ ᠪᠤᠶᠤ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂2.5—6cm ᠤᠷᠲᠤ᠂1—2.5cmm ᠥᠷᠭᠡᠨ᠂ᠡᠮᠬᠢ ᠦᠭᠡᠢ ᠬᠤᠷᠴᠠ ᠬᠢᠷᠥᠭᠡᠨ ᠰᠢᠳᠦᠨ ᠬᠥᠪᠡᠭᠡ ᠲᠡᠢ᠂ ᠨᠠᠪᠴᠢᠨ ᠠᠷᠤ ᠳ᠋ᠤᠨᠢ ᠴᠠᠭᠠᠨ ᠦ ᠲᠡᠢ᠃ ᠴᠡᠴᠡᠭ ᠨᠢ ᠲᠣᠮᠣ᠂ ᠬᠤᠩᠬ᠎ᠠ ᠬᠡᠯᠪᠡᠷᠢ ᠲᠡᠢ᠂ 5 ᠰᠡᠵᠢᠭᠦᠷ ᠢᠯᠲᠠᠰᠤ ᠲᠠᠢ᠂ ᠴᠡᠴᠡᠭ ᠦ᠋ᠨ ᠳᠡᠯᠪᠢ ᠨᠢ ᠲᠣᠮᠣ ᠬᠤᠩᠬ᠎ᠠ ᠬᠡᠯᠪᠡᠷᠢ ᠲᠡᠢ᠂ᠰᠡᠵᠢᠭᠦᠷ ᠬᠡᠯᠲᠡᠰ ᠨᠢ5. ᠭᠤᠷᠪᠠᠯᠵᠢᠨ ᠬᠡᠯᠪᠡᠷᠢ ᠲᠡᠢ᠂ ᠴᠡᠴᠡᠭ ᠦ᠋ᠨ ᠳᠡᠯᠪᠢ ᠨᠢ ᠬᠥᠬᠡᠪᠲᠦᠷ ᠪᠣᠷᠣ ᠥᠩᠭᠡ ᠲᠡᠢ᠃ ᠡᠷ᠎ᠡ ᠲᠣᠭᠣᠷᠴᠣᠭ ᠨᠢ5. ᠲᠣᠭᠣᠰᠣᠪᠴᠢ ᠰᠢᠷ᠎ᠠ᠂ ᠪᠦᠰᠡ ᠬᠡᠯᠪᠡᠷᠢ ᠲᠡᠢ᠂ 8—10mm ᠤᠷᠲᠤ᠃ ᠳᠣᠬᠢᠭᠤᠷ ᠨᠢ ᠣᠬᠣᠷ᠂ ᠤᠭ ᠤ᠋ᠨ ᠬᠡᠰᠡᠭ ᠲᠡᠭᠡᠨ ᠥᠷᠭᠡᠨ᠃ ᠪᠠᠭᠠᠨ᠎ᠠ ᠶ᠋ᠢᠨ ᠠᠮᠠᠰᠠᠷ ᠨᠢ5 ᠣᠨᠢ ᠲᠠᠢ᠃ ᠰᠡᠵᠢᠭᠦᠷ ᠢᠯᠲᠠᠰᠤ ᠨᠢ ᠪᠦᠰᠡᠯᠢᠭ ᠮᠥᠷᠲᠡᠭᠡᠨ ᠮᠠᠲᠠᠷᠢᠨ᠎ᠠ᠃ ᠣᠬᠣᠷ ᠦᠰᠦ ᠲᠡᠢ᠃ ᠬᠣᠩᠭᠣᠷᠴᠣᠭᠲᠤ ᠵᠢᠮᠢᠰ ᠨᠢ ᠲᠣᠩᠭᠣᠷᠤᠤ ᠥᠨᠳᠡᠭᠡᠯᠵᠢᠨ᠂ ᠣᠷᠣᠢ ᠠ᠋ᠴᠠ ᠪᠠᠨ ᠡᠬᠢᠯᠡᠨ ᠬᠡᠯᠲᠡᠰᠯᠡᠨ ᠬᠠᠭᠠᠷᠠᠨ᠎ᠠ᠃ᠦᠷ᠎ᠡ ᠨᠢ ᠥᠨᠳᠡᠭᠡᠯᠵᠢᠨ ᠬᠠᠪᠲᠠᠭᠠᠢ᠂ 3 ᠢᠷᠮᠡᠭ ᠲᠡᠢ᠂ 2mm ᠰᠢᠬᠠᠮ ᠤᠷᠲᠤ᠂ ᠬᠠᠷ᠎ᠠ ᠬᠦᠷᠡᠩ ᠥᠩᠭᠡ ᠲᠡᠢ᠂ ᠭᠢᠯᠦᠭᠡᠷ ᠪᠠᠢᠳᠠᠭ᠃ 7—9 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂ 8—10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠠᠭᠤᠯᠠ ᠶ᠋ᠢᠨ ᠬᠠᠵᠠᠭᠤ᠂ ᠣᠢ ᠶ᠋ᠢᠨ ᠬᠥᠪᠡᠭᠡ ᠵᠠᠬ᠎ᠠ᠂ ᠭᠣᠣ ᠭᠠᠩᠭ᠎ᠠ ᠶ᠋ᠢᠨ ᠪᠡᠯᠴᠢᠭᠡᠷ᠂ ᠬᠡᠭᠡᠷ᠎ᠡ ᠲᠠᠯ᠎ᠠ᠂ ᠨᠤᠭᠤ ᠭᠠᠵᠠᠷ ᠲᠤ᠌ ᠪᠦᠷ ᠤᠷᠭᠤᠨ᠎ᠠ᠃ ᠪᠦᠬᠦ ᠤᠯᠤᠰ ᠤ᠋ᠨ ᠣᠯᠠᠩᠬᠢ ᠮᠣᠵᠢ ᠣᠷᠣᠨ ᠳ᠋ᠤ᠌ ᠪᠦᠷ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ]ᠬᠠᠪᠤᠷ᠂ ᠨᠠᠮᠤᠷ ᠦᠨᠳᠦᠰᠦ ᠶ᠋ᠢ ᠨᠢ ᠮᠠᠯᠲᠠᠨ ᠠᠪᠴᠤ ᠤᠬᠢᠶᠠᠨ ᠴᠡᠪᠡᠷᠯᠡᠭᠡᠳ᠂ ᠨᠣᠢᠲᠠᠨ ᠢ᠋ᠶ᠋ᠠᠷ ᠨᠢ ᠬᠠᠯᠢᠰᠤ ᠶ᠋ᠢ ᠨᠢ ᠬᠤᠰᠤᠵᠤ ᠬᠠᠶᠠᠬᠤ ᠪᠤᠶᠤ ᠬᠤᠰᠤᠬᠤ ᠦᠭᠡᠢ ᠪᠡᠷ ᠨᠠᠷᠠᠨ ᠳ᠋ᠤ᠌ ᠬᠠᠲᠠᠭᠠᠨ᠎ᠠ᠃
[ᠠᠮᠲᠠ᠂ ᠴᠢᠨᠠᠷ᠂ ᠡᠷᠳᠡᠮ] ᠭᠣᠰᠢᠭᠤᠨ᠂ ᠠᠮᠲᠠᠯᠢᠭ ᠠᠮᠲᠠ ᠲᠠᠢ᠃ ᠬᠦᠢᠲᠡᠨ ᠴᠢᠨᠠᠷ ᠲᠠᠢ᠃ᠬᠥᠩᠭᠡᠨ᠂ᠬᠠᠭᠤᠷᠠᠢ᠂ᠦᠮᠵᠦᠭ ᠦᠭᠡᠢ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠠᠭᠤᠰᠬᠢᠨ ᠤ᠋ ᠬᠠᠯᠠᠭᠤᠨ ᠢ᠋ ᠠᠷᠢᠯᠭᠠᠬᠤ᠂ᠬᠠᠨᠢᠶᠠᠬᠤ ᠶ᠋ᠢ ᠵᠣᠭᠰᠣᠭᠠᠬᠤ᠂ᠥᠭᠡᠷᠢ ᠴᠠᠷ ᠢ᠋ ᠲᠠᠲᠠᠬᠤ ᠴᠢᠳᠠᠯ ᠲᠠᠢ᠂ᠭᠣᠣᠯᠳᠠᠭᠤ ᠠᠭᠤᠰᠬᠢᠨ ᠤ᠋ ᠬᠠᠯᠠᠭᠤᠨ᠂ᠠᠭᠤᠰᠬᠢ ᠦᠭᠡᠷᠢᠯᠡᠭᠰᠡᠨ᠂ ᠬᠢᠮᠤᠷᠠᠭ᠎ᠠ ᠬᠠᠨᠢᠶᠠᠳᠤ᠂ ᠠᠭᠤᠰᠬᠢᠨ ᠤ᠋ ᠰᠦᠷᠢᠶ᠎ᠡ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 桔梗
ᠠᠩᠭ᠌ᠯᠢ ᠨᠡᠷ᠎ᠡ᠄ Platycodon grandiflorus (Jacq.) A
ᠦᠰᠦᠭ ᠠᠮᠢᠯᠠᠭᠤᠯᠤᠭᠴᠢ᠄ ᠪᠤᠷᠤᠨᠤᠳ᠂ ᠴᠢᠮᠡᠭ
ᠬᠢᠨᠠᠭᠴᠢ᠄ ᠲᠤᠶᠠᠭ᠎ᠠ
