ᠢᠷᠡᠭᠡᠳᠦᠢ ᠶ᠋ᠢᠨ ᠡᠵᠡᠨ-ᠪᠤᠤ ᠲᠢᠶᠠᠨ ᠪᠤᠤ᠂ ᠠᠯᠲᠠᠨᠳᠠᠯᠠᠢИрээдэйгийн эзэн-Боо даяан боо,Алтандалай
ᠢᠷᠡᠭᠡᠳᠦᠢ ᠶ᠋ᠢᠨ ᠡᠵᠡᠨ
ᠦᠭᠡ ᠄ ᠬᠡᠷᠡᠢᠳ ᠡᠷᠬᠢᠮᠪᠢᠯᠢᠭ
ᠠᠶ᠎ᠠ ᠄ ᠨᠠᠰᠤᠨᠴᠢᠮᠡᠭ
ᠳᠠᠭᠤᠤ ᠄ ᠪᠤᠤ ᠲᠢᠶᠠᠨ ᠪᠤᠤ᠂ ᠠᠯᠲᠠᠨᠳᠠᠯᠠᠢ
ᠠᠭᠰᠤᠮ ᠬᠦᠯᠦᠭ ᠦ᠋ᠨ ᠳᠠᠪᠬᠢᠭᠠᠨ ᠢ᠋ᠶ᠋ᠠᠷ
ᠠᠯᠲᠠᠨ ᠳᠡᠯᠡᠬᠡᠢ ᠶ᠋ᠢ ᠰᠡᠷᠡᠭᠡᠭᠰᠡᠨ ᠂
ᠬᠥᠬᠡ ᠲᠤᠭ ᠤ᠋ᠨ ᠨᠠᠮᠢᠷᠠᠭᠠᠨ ᠢ᠋ᠶ᠋ᠠᠷ
ᠬᠥᠷᠥᠰᠥᠲᠦ ᠪᠥᠮᠪᠥᠷᠴᠡᠭ ᠢ᠋ ᠬᠤᠴᠢᠭᠰᠠᠨ᠃
ᠡᠷᠡᠮᠡᠬᠡᠢ ᠰᠦᠷ ᠲᠡᠢ ᠮᠣᠩᠭᠣᠯᠴᠤᠳ ᠂
ᠡᠩ ᠳᠡᠯᠡᠬᠡᠢ ᠶ᠋ᠢᠨ ᠪᠠᠭᠠᠲᠤᠷ ᠴᠤᠤᠲᠠᠨ᠃
ᠰᠢᠯᠢᠳᠡᠭ ᠭᠣᠢᠳᠠ ᠪᠦᠲᠦᠭᠡᠯ ᠢ᠋ᠶ᠋ᠡᠷ ᠢ᠋ᠶ᠋ᠡᠨ
ᠰᠢᠨ᠎ᠡ ᠡᠷᠢᠨ ᠢ᠋ᠶ᠋ᠡᠨ ᠴᠣᠭᠴᠠᠯᠠᠭᠰᠠᠨ ᠂
ᠰᠢᠨᠵᠢᠯᠡᠯ ᠰᠤᠳᠤᠯᠤᠯ ᠤ᠋ᠨ ᠭᠢᠯᠪᠠᠭ᠎ᠠ ᠪᠠᠷ
ᠰᠢᠵᠢᠷ ᠦᠢᠯᠡᠰ ᠢ᠋ᠶ᠋ᠡᠨ ᠲᠣᠯᠢᠳᠠᠭᠰᠠᠨ ᠃
ᠡᠷᠡᠮᠡᠬᠡᠢ ᠰᠦᠷ ᠲᠡᠢ ᠮᠣᠩᠭᠣᠯᠴᠤᠳ ᠂
ᠡᠷᠢᠨ ᠦᠶ᠎ᠡ ᠶ᠋ᠢᠨ ᠬᠣᠰᠢᠭᠤᠴᠢ ᠰᠠᠨ ᠃
ᠡᠷᠴᠢᠲᠦ ᠰᠠᠢᠬᠠᠨ ᠬᠥᠳᠡᠯᠮᠦᠷᠢ ᠪᠡᠷ ᠢ᠋ᠶ᠋ᠡᠨ
ᠢᠷᠡᠭᠡᠳᠦᠢ ᠶ᠋ᠢᠨ ᠠᠮᠢᠳᠤᠷᠠᠯ ᠢ᠋ᠶ᠋ᠠᠨ ᠤᠭᠲᠤᠭᠰᠠᠨ᠃
ᠣᠷᠭᠢᠯᠤᠮ᠎ᠠ ᠬᠠᠯᠠᠭᠤᠨ ᠵᠣᠷᠢᠭ ᠢ᠋ᠶ᠋ᠠᠷ ᠢ᠋ᠶ᠋ᠠᠨ ᠂
ᠣᠳᠣᠬᠢᠴᠢᠯᠠᠯᠲᠠ ᠶ᠋ᠢᠨ ᠡᠩᠨᠡᠭᠡᠨ ᠳ᠋ᠦ᠍ ᠭᠠᠷᠮᠠᠭᠠᠢᠯᠠᠭᠰᠠᠨ᠃
ᠬᠠᠯᠠᠭᠤᠨ ᠰᠡᠳᠬᠢᠯ ᠲᠡᠢ ᠮᠣᠩᠭᠣᠯᠴᠤᠳ ᠂
ᠬᠠᠨᠠᠭᠠᠷ ᠢᠷᠡᠭᠡᠳᠦᠢ ᠶ᠋ᠢᠨ ᠡᠵᠡᠨ ᠬᠥᠮᠦᠨ᠃
ᠬᠠᠯᠠᠭᠤᠨ ᠰᠡᠳᠬᠢᠯ ᠲᠡᠢ ᠮᠣᠩᠭᠣᠯᠴᠤᠳ ᠂
ᠬᠠᠨᠠᠭᠠᠷ ᠢᠷᠡᠭᠡᠳᠦᠢ ᠶ᠋ᠢᠨ ᠡᠵᠡᠨ ᠬᠥᠮᠦᠨ᠃
ᠬᠠᠨᠠᠭᠠᠷ ᠢᠷᠡᠭᠡᠳᠦᠢ ᠶ᠋ᠢᠨ ᠡᠵᠡᠨ ᠬᠥᠮᠦᠨ᠃
