ᠮᠣᠷᠢ ᠮᠢᠨᠢ -ᠲᠤᠯᠭᠠᠲᠠᠨ ᠬᠠᠮᠲᠤᠯᠢᠭМорь минь-Тулгатан Хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠷᠢ ᠮᠢᠨᠢ -ᠲᠤᠯᠭᠠᠲᠠᠨ ᠬᠠᠮᠲᠤᠯᠢᠭМорь минь-Тулгатан Хамтлаг

ᠮᠣᠷᠢ ᠮᠢᠨᠢ -ᠲᠤᠯᠭᠠᠲᠠᠨ ᠬᠠᠮᠲᠤᠯᠢᠭМорь минь-Тулгатан Хамтлаг

ᠠᠩᠭᠢᠯᠠᠯ:ᠳᠠᠭᠤᠤ ᠬᠥᠭᠵᠢᠮ
2024-12-26

2604

ᠮᠣᠷᠢ ᠮᠢᠨᠢ

   ᠦᠭᠡ᠄ ᠭᠣ᠂ ᠵᠠᠮᠰᠤᠷᠤᠩᠵᠠᠪ 
   ᠠᠶ᠎ᠠ᠄ ᠳ᠂ ᠷᠢᠨᠴᠢᠨ 
   ᠲᠤᠯᠭᠠᠲᠠᠨ ᠬᠠᠮᠲᠤᠯᠢᠭ 

ᠠᠭᠤᠤ ᠤᠯᠤᠰ ᠢ᠋ᠶ᠋ᠠᠨ ᠴᠢᠯᠥᠭᠡᠯᠡᠬᠦ ᠳ᠋ᠦ᠍ 
ᠠᠭᠲᠠ ᠮᠣᠷᠢ ᠲᠠᠢ ᠪᠠᠨ ᠶᠠᠪᠤᠭᠰᠠᠨ ᠶᠤᠮ 
ᠠᠶᠤᠯᠲᠠᠢ ᠲᠡᠮᠡᠴᠡᠯ ᠦ᠋ᠨ ᠳᠤᠮᠳᠠᠭᠤᠷ 
ᠠᠮᠢ ᠭᠣᠣᠯ ᠲᠠᠢ ᠪᠠᠨ ᠬᠣᠯᠪᠣᠭᠰᠠᠨ ᠶᠤᠮ 

ᠬᠠᠷᠠᠩᠭᠤᠢ ᠰᠥᠨᠢ ᠶ᠋ᠢᠨ ᠰᠢᠭᠤᠷᠭ᠎ᠠ ᠶ᠋ᠢ
ᠬᠠᠢᠷᠠᠲᠤ ᠮᠣᠷᠢ ᠲᠠᠢ ᠪᠠᠨ ᠲᠤᠭᠤᠯᠤᠭᠰᠠᠨ ᠶᠤᠮ
ᠬᠠᠳᠠ ᠪᠠᠷᠲᠠᠭ᠎ᠠ ᠲᠠᠢ ᠠᠭᠤᠯᠠᠰ ᠢ᠋
ᠬᠠᠨᠢ ᠬᠦᠯᠦᠭ ᠲᠡᠢ ᠪᠡᠨ ᠳᠠᠪᠠᠭᠰᠠᠨ ᠶᠤᠮ
ᠠᠢ  ᠬᠥ᠋! ᠮᠣᠷᠢᠨ ᠳ᠋ᠠᠭᠠᠨ ᠮᠣᠷᠳᠠᠭᠠᠳ ᠭᠠᠷᠪᠠᠯ
ᠡᠷᠡᠯᠬᠡᠭ ᠵᠣᠷᠢᠭ ᠢ᠋ ᠮᠢᠨᠢ ᠬᠥᠭᠵᠢᠭᠡᠨ᠎ᠡ
ᠡᠷᠡᠯᠬᠡᠭ ᠵᠣᠷᠢᠭ ᠢ᠋ ᠮᠢᠨᠢ ᠬᠥᠭᠵᠢᠭᠡᠨ᠎ᠡ
ᠠᠢ ᠬᠥ᠋! ᠮᠣᠷᠢᠨ ᠳ᠋ᠠᠭᠠᠨ ᠮᠣᠷᠳᠠᠭᠠᠳ ᠭᠠᠷᠪᠠᠯ
ᠡᠷᠡᠯᠬᠡᠭ ᠵᠣᠷᠢᠭ ᠢ᠋ ᠮᠢᠨᠢ  ᠬᠥᠭᠵᠢᠭᠡᠨ᠎ᠡ
ᠡᠷᠡᠯᠬᠡᠭ ᠵᠣᠷᠢᠭ ᠢ᠋ ᠮᠢᠨᠢ ᠬᠥᠭᠵᠢᠭᠡᠨ᠎ᠡ

ᠡᠨᠡ ᠬᠦ᠌  ᠬᠠᠢᠷᠠᠲᠠᠢ ᠮᠣᠷᠢ ᠮᠢᠨᠢ
ᠡᠷᠡᠯᠬᠡᠭ ᠪᠢᠳᠡᠨ ᠦ᠌ ᠨᠥᠬᠥᠷ ᠶᠦᠮ
ᠡᠬᠡ ᠣᠷᠣᠨ ᠢ᠋ᠶ᠋ᠠᠨ ᠬᠠᠮᠠᠭᠠᠯᠠᠬᠤ ᠳ᠋ᠤ᠌
ᠡᠷᠬᠢᠮ ᠵᠡᠪᠰᠡᠭ ᠦ᠋ᠨ ᠨᠢᠭᠡ ᠶᠦᠮ

ᠢᠲᠡᠭᠡᠯ ᠬᠠᠢᠷᠠᠲᠠᠢ ᠮᠣᠷᠢ ᠮᠢᠨᠢ
ᠢᠷᠡᠭᠡᠳᠦᠢ ᠶ᠋ᠢᠨ ᠨᠡᠢᠭᠡᠮ ᠢ᠋ᠶ᠋ᠡᠨ ᠪᠠᠢᠭᠤᠯᠬᠤ ᠳ᠋ᠤ᠌
ᠢᠷᠠᠭᠤ ᠣᠷᠣᠨ ᠤ᠋ ᠪᠠᠨ ᠬᠢᠯᠢ ᠳᠡᠭᠡᠷ᠎ᠡ
ᠢᠮᠠᠭᠲᠠ ᠬᠣᠶᠠᠭᠤᠯᠠ ᠪᠠᠨ ᠵᠣᠭᠰᠣᠶ᠎ᠠ
ᠠᠢ ᠬᠥ᠋! ᠮᠣᠷᠢᠨ ᠳ᠋ᠠᠭᠠᠨ ᠮᠣᠷᠳᠠᠭᠠᠳ ᠭᠠᠷᠪᠠᠯ
ᠡᠷᠡᠯᠬᠡᠭ ᠵᠣᠷᠢᠭ ᠢ᠋ ᠮᠢᠨᠢ ᠬᠥᠭᠵᠢᠭᠡᠨ᠎ᠡ
ᠡᠷᠡᠯᠬᠡᠭ ᠵᠣᠷᠢᠭ ᠢ᠋ ᠮᠢᠨᠢ ᠬᠥᠭᠵᠢᠭᠡᠨ᠎ᠡ
ᠠᠢ ᠬᠥ᠋! ᠮᠣᠷᠢᠨ ᠳ᠋ᠠᠭᠠᠨ ᠮᠣᠷᠳᠠᠭᠠᠳ ᠭᠠᠷᠪᠠᠯ
ᠡᠷᠡᠯᠬᠡᠭ ᠵᠣᠷᠢᠭ ᠢ᠋ ᠮᠢᠨᠢ ᠬᠥᠭᠵᠢᠭᠡᠨ᠎ᠡ
ᠡᠷᠡᠯᠬᠡᠭ ᠵᠣᠷᠢᠭ ᠢ᠋ ᠮᠢᠨᠢ ᠬᠥᠭᠵᠢᠭᠡᠨ᠎ᠡ

  ᠦᠰᠦᠭ ᠬᠢᠨᠠᠭᠴᠢ᠄ ᠣᠳᠬᠠᠨᠰᠸ᠎ᠠ
  ᠦᠰᠦᠭ ᠠᠮᠢᠯᠠᠭᠤᠯᠤᠭᠴᠢ᠄ ᠰᠣᠳᠣ
  ᠦᠰᠦᠭ ᠬᠠᠲᠠᠭᠴᠢ᠄ ᠰᠣᠳᠣ