ᠬᠣᠨᠢᠴᠢᠨ ᠤ ᠳᠠᠭᠤᠤ-ᠠᠯᠲᠠᠨᠲᠦᠯᠬᠢᠭᠦᠷAltantulkhuur - Honichnii duu Алтантүлхүүр - Хоньчны дуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠨᠢᠴᠢᠨ ᠤ ᠳᠠᠭᠤᠤ-ᠠᠯᠲᠠᠨᠲᠦᠯᠬᠢᠭᠦᠷAltantulkhuur - Honichnii duu Алтантүлхүүр - Хоньчны дуу

ᠬᠣᠨᠢᠴᠢᠨ ᠤ ᠳᠠᠭᠤᠤ-ᠠᠯᠲᠠᠨᠲᠦᠯᠬᠢᠭᠦᠷAltantulkhuur - Honichnii duu Алтантүлхүүр - Хоньчны дуу

ᠠᠩᠭᠢᠯᠠᠯ:ᠳᠠᠭᠤᠤ ᠬᠥᠭᠵᠢᠮ
2024-12-26

2462

ᠬᠣᠨᠢᠴᠢᠨ ᠤ᠋ ᠳᠠᠭᠤᠤ


     ᠦᠭᠡ᠄ ᠵ᠊᠂ ᠪᠠᠳᠠᠷ᠎ᠠ 
     ᠠᠶ᠎ᠠ᠄ ᠨ᠂ ᠵᠠᠩᠴᠢᠨᠨᠣᠷᠪᠤ 
     ᠳᠠᠭᠤᠴᠢᠨ᠄ ᠠᠯᠲᠠᠨᠳᠦᠯᠬᠢᠭᠦᠷ 

ᠲᠣᠭᠣᠷᠢᠭᠰᠠᠨ ᠠᠭᠤᠯᠠᠰ ᠤ᠋ᠨ ᠪᠠᠷ᠎ᠠ ᠭᠡᠢᠭᠰᠡᠨ ᠥᠷᠯᠥᠭᠡ ᠨᠠᠢᠷ ᠬᠥᠷ ᠲᠡᠢ 
ᠲᠣᠭᠲᠠᠭᠤᠨ ᠲᠠᠢᠪᠤᠩ ᠬᠣᠲᠠᠯᠠᠩᠬᠠᠨ ᠨᠠᠯᠠᠢᠬᠤ ᠬᠣᠨᠢ ᠮᠢᠨᠢ ᠨᠣᠷᠰᠤᠭᠠᠰᠤᠲᠠᠢ 
ᠲᠣᠭᠣᠨᠣᠨ ᠳ᠋ᠤ᠌ ᠭᠡᠷᠡᠯᠲᠦᠩᠭᠡᠨ ᠴᠠᠢᠷᠠᠬᠤ ᠰᠦ᠋ ᠮᠢᠨᠢ ᠪᠤᠶᠠᠨ ᠲᠠᠢ 
ᠲᠣᠭᠣᠭ᠎ᠠ ᠰᠠᠪᠠ ᠲᠦᠭᠦᠷᠡᠩᠭᠡᠨ ᠬᠠᠢᠷᠠᠯᠠᠬᠤ ᠮᠠᠯ ᠮᠢᠨᠢ ᠪᠤᠶᠠᠨ ᠲᠠᠢ 

ᠨᠡᠭᠦᠭᠰᠡᠨ ᠡᠭᠦᠯᠡᠰ ᠦ᠋ᠨ ᠴᠤᠭᠤᠷᠬᠠᠢ ᠲᠠᠭᠠᠷᠠᠭᠰᠠᠨ ᠬᠥᠨᠳᠡᠢ ᠬᠡ ᠬᠤᠸᠠᠷ ᠲᠠᠢ 
ᠨᠢᠳᠦ ᠬᠢ ᠶ᠋ᠢᠨ ᠤᠭᠯᠤᠷᠭ᠎ᠠ ᠠᠯᠠᠭᠯᠠᠩᠬᠠᠨ ᠪᠡᠯᠴᠢᠭᠰᠡᠨ ᠬᠣᠨᠢ ᠮᠢᠨᠢ ᠲᠠᠭᠠᠰᠢᠶᠠᠯᠲᠠᠢ 
ᠨᠢᠭᠤᠷ ᠳᠦᠭᠦᠷᠡᠩ ᠲᠤᠶᠠᠭᠠᠷᠠᠭᠰᠠᠨ ᠴᠠᠢᠷᠠᠬᠤ ᠢᠳᠡᠭᠡ ᠴᠠᠭ᠎ᠠ ᠰᠢᠮ᠎ᠡ ᠲᠡᠢ
ᠦᠮᠵᠦᠭ ᠦ᠋ᠨ ᠰᠠᠪᠠ ᠪᠢᠯᠬᠠᠯᠵᠠᠭᠤᠯᠤᠨ ᠬᠠᠢᠷᠠᠯᠠᠬᠤ ᠮᠠᠯ ᠮᠢᠨᠢ ᠪᠤᠶᠠᠨ ᠲᠠᠢ

ᠬᠠᠢᠷᠬᠠᠨ ᠬᠠᠩᠭᠠᠢ ᠶ᠋ᠢᠨ ᠰᠡᠷᠮᠡᠭᠦᠨ ᠡᠭᠡᠪᠦᠷ ᠪᠡᠯᠴᠢᠭᠡᠷ ᠠᠴᠢ ᠡᠭᠡᠯᠢ ᠲᠡᠢ
ᠬᠠᠷᠠᠭᠠᠳ ᠬᠠᠢᠷᠠᠯᠠᠮ᠎ᠠ ᠢᠵᠢᠯᠢᠰᠢᠩᠭᠡᠨ ᠲᠣᠭᠲᠠᠭᠰᠠᠨ ᠬᠣᠨᠢ ᠮᠢᠨᠢ ᠥᠶᠥᠭ ᠲᠡᠢ
ᠬᠠᠮᠢᠭ᠎ᠠ ᠴᠤ᠌ ᠮᠢᠨᠳᠠᠰᠤᠯᠠᠩᠬᠠᠨ ᠴᠠᠢᠷᠠᠬᠤ ᠨᠣᠣᠰᠣ ᠨᠢ ᠠᠯᠲᠠᠨ ᠤ᠋ ᠬᠠᠩᠰᠢ ᠲᠠᠢ
ᠬᠠᠮᠲᠤ ᠶ᠋ᠢᠨ ᠥᠪ ᠠᠷᠪᠢᠳᠤᠩᠬᠠᠨ ᠬᠠᠢᠷᠠᠯᠠᠬᠤ ᠮᠠᠯ ᠮᠢᠨᠢ ᠪᠤᠶᠠᠨ ᠲᠠᠢ

  ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
  ᠬᠢᠨᠠᠭᠴᠢ᠄ ᠭᠦᠩᠭᠠᠷ