ᠠᠮᠢᠳᠤᠷᠠᠯ ᠬᠠᠢᠷ᠎ᠠ-ᠵᠢᠮᠢᠰJimsee - Amidral hair Жимсээ - Амьдрал хайр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠳᠤᠷᠠᠯ ᠬᠠᠢᠷ᠎ᠠ-ᠵᠢᠮᠢᠰJimsee - Amidral hair Жимсээ - Амьдрал хайр

ᠠᠮᠢᠳᠤᠷᠠᠯ ᠬᠠᠢᠷ᠎ᠠ-ᠵᠢᠮᠢᠰJimsee - Amidral hair Жимсээ - Амьдрал хайр

ᠠᠩᠭᠢᠯᠠᠯ:ᠳᠠᠭᠤᠤ ᠬᠥᠭᠵᠢᠮ
2024-12-26

598

ᠠᠮᠢᠳᠤᠷᠠᠯ ᠬᠠᠢᠷ᠎ᠠ

    ᠦᠭᠡ᠄ ᠪ· ᠣᠳᠬᠣᠨ— ᠲᠤᠤᠯᠠ 
    ᠠᠶ᠎ᠠ᠄ ᠪ· ᠫᠦᠷᠪᠦᠰᠦ᠋ᠷᠦᠩ 
    ᠳᠠᠭᠤᠴᠢᠨ᠄ ᠵᠢᠮᠢᠰ 
 ᠵᠡᠭᠦᠳᠦᠨ ᠦ ᠴᠡᠴᠡᠭ ᠵᠢᠷᠭᠠᠯ ᠢᠶᠠᠷ ᠳᠡᠯᠪᠡᠭᠡᠯᠡᠭᠰᠡᠨ 
 ᠵᠦᠩ ᠢᠶᠡᠷ ᠨᠠᠮᠤᠷ ᠤᠨ ᠦᠳᠡᠰᠢ ᠪᠡᠷ ᠴᠢᠮ᠎ᠠ ᠲᠠᠢ ᠪᠡᠨ 
 ᠵᠢᠷᠦᠬᠡᠨ ᠦ ᠦᠭᠡ ᠪᠡᠨ ᠰᠢᠪᠡᠨᠡᠯᠳᠦᠨ ᠡᠷᠬᠡᠯᠡᠬᠦ 
 ᠵᠦᠢᠷ ᠦᠭᠡᠢ ᠭᠱᠠᠨ ᠢ ᠰᠡᠳᠬᠢᠯ ᠲᠦ ᠪᠡᠨ ᠵᠢᠷᠤᠭᠯᠠᠭᠠᠳ 
 ᠬᠠᠮᠲᠤ ᠳᠦ ᠪᠡᠨ ᠠᠯᠬᠤᠭᠰᠠᠨ ᠠᠮᠢᠳᠤᠷᠠᠯ ᠬᠠᠢᠷ᠎ᠠ ᠮᠢᠨᠢ 
 ᠬᠠᠢᠷ᠎ᠠ ᠪᠠᠷ ᠭᠡᠷᠡᠯᠲᠦᠭᠰᠡᠨ ᠠᠯᠠᠭ ᠨᠢᠳᠦᠨ ᠮᠢᠨᠢ 
 ᠨᠠᠪᠴᠢ ᠪᠦᠬᠦᠨ ᠢ ᠰᠢᠭᠦᠳᠡᠷᠢ ᠪᠡᠷ ᠭᠤᠶᠤᠭᠰᠠᠨ 
 ᠨᠠᠮᠤᠬᠠᠨ ᠦᠳᠡᠰᠢ ᠪᠡᠨ ᠴᠢᠮ᠎ᠠ ᠪᠠᠨ ᠬᠥᠲᠥᠯᠦᠭᠡᠳ
 ᠭᠡᠷᠡᠯᠲᠦ ᠰᠠᠷᠠᠨ ᠳᠤ ᠬᠦᠰᠡᠯ ᠢᠶᠡᠨ ᠢᠯᠡᠬᠡᠨ
 ᠡᠨᠡ ᠯᠡ ᠬᠠᠢᠷ᠎ᠠ ᠪᠠᠨ ᠮᠥᠷᠥᠭᠡᠳᠦᠯ ᠢᠶᠡᠷ ᠭᠤᠶᠤᠭᠠᠳ
 ᠬᠠᠮᠲᠤ ᠳᠦ ᠪᠡᠨ ᠠᠯᠬᠤᠭᠰᠠᠨ ᠠᠮᠢᠳᠤᠷᠠᠯ ᠬᠠᠢᠷ᠎ᠠ ᠮᠢᠨᠢ
 ᠬᠠᠢᠷ᠎ᠠ ᠪᠠᠷ ᠭᠡᠷᠡᠯᠲᠦᠭᠰᠡᠨ ᠠᠯᠠᠭ ᠨᠢᠳᠦᠨ ᠮᠢᠨᠢ
 ᠴᠡᠴᠡᠭᠡᠰ ᠦᠨ ᠦᠨᠦᠷ ᠲᠡᠢ ᠰᠠᠯᠬᠢ ᠪᠠᠷ ᠨᠠᠭᠠᠳᠤᠭᠠᠳ
 ᠴᠡᠩᠬᠡᠭ ᠦᠳᠡᠰᠢ ᠴᠢᠮ᠎ᠠ ᠪᠠᠨ ᠬᠥᠲᠥᠯᠦᠭᠡᠳ
 ᠴᠡᠩᠬᠡᠷ ᠣᠳᠣᠳ ᠤᠨ ᠲᠤᠶᠠᠭᠠᠨ ᠳᠤ ᠭᠡᠷᠡᠯᠲᠦᠬᠦ
 ᠡᠩᠭᠡᠷ ᠬᠠᠢᠷ᠎ᠠ ᠪᠡᠷ ᠢᠲᠡᠭᠡᠯ ᠢᠶᠡᠷ ᠤᠷᠠᠯᠠᠭᠠᠳ
 ᠬᠠᠮᠲᠤ ᠳᠦ ᠪᠡᠨ ᠠᠯᠬᠤᠭᠰᠠᠨ ᠠᠮᠢᠳᠤᠷᠠᠯ ᠬᠠᠢᠷ᠎ᠠ ᠮᠢᠨᠢ
 ᠬᠠᠢᠷ᠎ᠠ ᠪᠠᠷ ᠭᠡᠷᠡᠯᠲᠦᠭᠰᠡᠨ ᠠᠯᠠᠭ ᠨᠢᠳᠦᠨ ᠮᠢᠨᠢ
 ᠬᠠᠮᠲᠤ ᠳᠦ ᠪᠡᠨ ᠠᠯᠬᠤᠭᠰᠠᠨ ᠠᠮᠢᠳᠤᠷᠠᠯ ᠬᠠᠢᠷ᠎ᠠ ᠮᠢᠨᠢ
 ᠬᠠᠢᠷ᠎ᠠ ᠪᠠᠷ ᠭᠡᠷᠡᠯᠲᠦᠭᠰᠡᠨ ᠠᠯᠠᠭ ᠨᠢᠳᠦᠨ ᠮᠢᠨᠢ

    ᠦᠰᠦᠭ ᠠᠮᠢᠯᠠᠭᠤᠯᠤᠭᠰᠠᠨ ᠨᠢ᠄ ᠪᠦᠷᠢᠨᠵᠢᠷᠭᠠᠯ
    ᠦᠰᠦᠭ ᠬᠠᠳᠠᠭᠰᠠᠨ ᠨᠢ᠄ ᠪᠦᠷᠢᠨᠵᠢᠷᠭᠠᠯ
    ᠬᠢᠨᠠᠭᠴᠢ ᠪᠠᠭᠰᠢ᠄ ᠡᠷᠳᠡᠨᠢᠪᠢᠯᠢᠭ· ᠣᠳᠬᠤᠩᠬᠤᠸᠠᠷ