ᠬᠤᠯᠤᠰᠤᠨ ᠴᠠᠬᠢᠷᠮ᠎ᠠХулсан цахирмаа ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠯᠤᠰᠤᠨ ᠴᠠᠬᠢᠷᠮ᠎ᠠХулсан цахирмаа

ᠬᠤᠯᠤᠰᠤᠨ ᠴᠠᠬᠢᠷᠮ᠎ᠠХулсан цахирмаа

2024-12-23

578

ᠬᠤᠯᠤᠰᠤᠨ ᠴᠠᠬᠢᠷᠮ᠎ᠠ

   ᠲᠤᠰ ᠡᠮ ᠪᠣᠯ ᠴᠠᠬᠢᠷᠮ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠬᠤᠯᠤᠰᠤᠨ ᠴᠠᠬᠢᠷᠮ᠎ᠠ ᠶ᠋ᠢᠨ ᠲᠥᠮᠥᠰᠥᠯᠢᠭ ᠡᠰᠢ ᠮᠥᠨ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ 20—70cm ᠥᠨᠳᠥᠷ᠂ ᠲᠥᠮᠥᠰᠥᠯᠢᠭ ᠡᠰᠢ ᠨᠢ
ᠭᠤᠷᠪᠠᠯᠵᠢᠨ ᠪᠥᠮᠪᠥᠭᠡᠯᠢᠭ ᠪᠤᠶᠤ ᠵᠠᠮᠪᠠᠷᠠᠭ᠎ᠠ ᠦᠭᠡᠢ ᠷᠣᠮᠪ ᠬᠡᠯᠪᠡᠷᠢ ᠲᠡᠢ᠂ ᠮᠢᠬᠠᠯᠢᠭ᠂ ᠨᠢᠯᠴᠠᠭᠠᠢ᠂ ᠶᠡᠷᠦ ᠳ᠋ᠡᠭᠡᠨ ᠬᠡᠳᠦ ᠬᠡᠳᠦ ᠪᠡᠷ ᠵᠠᠯᠭᠠᠯᠳᠤᠵᠤ ᠪᠠᠢᠳᠠᠭ᠂᠂ ᠴᠠᠭᠠᠷᠢᠭ ᠠᠷᠲᠠᠢ᠂ ᠰᠢᠷᠠᠩᠭᠤᠢ ᠴᠠᠭᠠᠨ ᠥᠩᠭᠡ ᠲᠡᠢ᠃ ᠢᠵᠠᠭᠤᠷ ᠤ᠋ᠨ ᠨᠠᠪᠴᠢ ᠨᠢ3—5᠂ ᠬᠠᠪᠲᠠᠭᠠᠢ ᠲᠡᠪᠡᠨᠡ ᠪᠤᠶᠤ ᠥᠷᠭᠡᠨ ᠲᠡᠪᠡᠨᠡ ᠬᠡᠯᠪᠡᠷᠢ ᠲᠡᠢ᠂10—30cmᠤᠷᠲᠤ᠂ 1.5—4cmᠥᠷᠭᠡᠨ᠂ ᠤᠭ ᠤ᠋ᠨ ᠬᠡᠰᠡᠭ ᠨᠢ ᠤᠷᠲᠤᠰᠤᠭᠠᠳ ᠲᠣᠭᠳᠣᠢ ᠰᠢᠭ᠋ ᠪᠣᠯᠳᠠᠭ᠂ ᠪᠦᠲᠦᠨ ᠬᠥᠪᠡᠭᠡ ᠲᠡᠢ᠃ ᠴᠠᠴᠤᠭ ᠬᠡᠯᠪᠡᠷᠢᠲᠦ ᠪᠠᠭ ᠴᠡᠴᠡᠭ ᠣᠷᠣᠢ ᠳ᠋ᠤᠨᠢ ᠳᠡᠯᠭᠡᠷᠡᠨ᠎ᠡ᠃ 3—8 ᠬᠦᠢᠰ ᠴᠡᠴᠡᠭ ᠲᠡᠢ᠃ ᠪᠠᠭᠯᠠᠭᠴᠢ ᠢᠯᠲᠠᠰᠤ ᠨᠢ ᠤᠷᠲᠤᠯᠵᠢᠨ ᠵᠤᠤᠪᠠᠩ ᠬᠠᠪᠲᠠᠭᠠᠢ ᠲᠡᠪᠡᠨᠡ ᠬᠡᠯᠪᠡᠷᠢ ᠲᠡᠢ᠂ ᠡᠷᠲᠡ ᠵᠤᠯᠭᠠᠷᠠᠳᠠᠭ᠃ ᠴᠡᠴᠡᠭ ᠨᠢ ᠪᠣᠷᠣᠪᠲᠤᠷ ᠶᠠᠭᠠᠨ ᠥᠩᠭᠡ ᠪᠤᠶᠤ ᠪᠣᠷᠣ ᠤᠯᠠᠭᠠᠨ ᠥᠩᠭᠡ ᠲᠡᠢ᠂ ᠲᠣᠭᠳᠣᠢ ᠢᠯᠲᠠᠰᠤ ᠪᠠ ᠴᠡᠴᠡᠭ ᠦ᠋ᠨ ᠳᠡᠯᠪᠢ ᠨᠢ ᠠᠳᠠᠯᠢ ᠰᠢᠬᠠᠮ ᠤᠷᠲᠤ᠂ ᠨᠠᠷᠢᠨ ᠤᠷᠲᠤᠯᠵᠢᠨ ᠲᠣᠭᠣᠷᠢᠭ ᠬᠡᠯᠪᠡᠷᠢ ᠲᠡᠢ᠂ ᠤᠷᠤᠭᠤᠯ ᠬᠡᠯᠲᠡᠰ ᠨᠢ ᠲᠣᠩᠭᠣᠷᠤᠤ᠂ ᠥᠨᠳᠡᠭᠡᠯᠵᠢᠨ ᠬᠡᠯᠪᠡᠷᠢ ᠲᠡᠢ᠂ ᠴᠠᠭᠠᠨ ᠥᠩᠭᠡ ᠲᠡᠢ ᠪᠤᠶᠤ ᠪᠣᠷᠣ ᠰᠤᠳᠠᠰᠤ ᠲᠠᠢ᠂ ᠳᠡᠭᠡᠷ᠎ᠡ ᠬᠡᠰᠡᠭ ᠲᠡᠭᠡᠨ3 ᠣᠨᠢ ᠲᠠᠢ᠂ ᠳᠤᠮᠳᠠᠬᠢ ᠰᠡᠵᠢᠭᠦᠷ ᠢᠯᠲᠠᠰᠤ ᠨᠢ ᠬᠥᠪᠡᠭᠡ ᠪᠡᠷ ᠢ᠋ᠶ᠋ᠡᠨ ᠳᠣᠯᠭᠢᠶᠠᠯᠢᠭ ᠠᠷᠠᠭ᠎ᠠ ᠲᠠᠢ᠂ ᠦᠵᠦᠭᠦᠷ ᠨᠢ ᠵᠢᠭᠠᠬᠠᠨ ᠤᠬᠤᠮᠠᠢ᠂ ᠬᠠᠵᠠᠭᠤ ᠶ᠋ᠢᠨ ᠰᠡᠵᠢᠭᠦᠷ ᠢᠯᠲᠠᠰᠤ ᠨᠢ ᠰᠢᠯᠤᠭᠤᠨ᠂ ᠲᠣᠭᠣᠷᠴᠣᠭ ᠪᠠᠭᠠᠨ᠎ᠠ ᠪᠠᠨ ᠪᠠᠭᠯᠠᠵᠤ᠂ ᠭᠣᠣᠯ ᠰᠡᠵᠢᠭᠦᠷ ᠵᠦᠭ ᠲᠡᠭᠡᠨ ᠵᠢᠭᠠᠬᠠᠨ ᠰᠤᠨᠤᠭᠰᠠᠨ ᠪᠣᠯᠪᠠᠴᠤ ᠭᠣᠣᠯ ᠰᠡᠵᠢᠭᠦᠷ ᠵᠦᠭ ᠦ᠋ᠨ ᠬᠠᠭᠠᠰ ᠬᠦᠷᠳᠡᠭ ᠦᠭᠡᠢ᠃ ᠡᠷ᠎ᠡ ᠲᠣᠭᠣᠷᠴᠣᠭ᠂ ᠡᠮ᠎ᠡ ᠲᠣᠭᠣᠷᠴᠣᠭ ᠨᠢ ᠨᠡᠢᠯᠡᠭᠡᠳ ᠲᠣᠭᠣᠷᠴᠣᠭ ᠪᠠᠭᠠᠨ᠎ᠠ ᠪᠣᠯᠳᠠᠭ᠂ ᠬᠣᠶᠠᠷ ᠬᠠᠵᠠᠭᠤ ᠳ᠋ᠤᠨᠢ ᠨᠠᠷᠢᠨ ᠳᠠᠯᠠᠪᠴᠢ ᠲᠠᠢ᠂ ᠪᠠᠭᠠᠨ᠎ᠠ ᠶ᠋ᠢᠨ ᠣᠷᠣᠢ ᠳ᠋ᠤᠨᠢ ᠡᠷ᠎ᠡ ᠲᠣᠭᠣᠷᠴᠣᠭ ᠲᠠᠢ᠃ ᠳᠣᠣᠷᠠᠲᠤ ᠣᠷᠣᠨᠲᠤ ᠤᠮᠠᠢ ᠲᠠᠢ᠂ ᠪᠥᠭᠡᠷᠡᠩᠬᠡᠢ ᠪᠠᠭᠠᠨ᠎ᠠ ᠬᠡᠯᠪᠡᠷᠢ  ᠲᠡᠢ᠂ ᠮᠤᠰᠬᠢᠷᠠᠯᠳᠤᠨ᠎ᠠ᠃ ᠬᠣᠩᠭᠣᠷᠴᠣᠭᠲᠤ ᠵᠢᠮᠢᠰ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠪᠠᠷᠤᠭ3.5cmᠤᠷᠲᠤ᠂ ᠬᠣᠶᠠᠷ ᠦᠵᠦᠭᠦᠷ ᠨᠢ ᠵᠢᠭᠠᠬᠠᠨ ᠱᠣᠪᠬᠣ᠂6 ᠭᠤᠯᠳᠤ ᠢᠷᠮᠡᠭ ᠲᠡᠢ᠃ 4—5 ᠳ᠋ᠤᠭᠠᠷ ᠰᠠᠷ᠎ᠠ ᠳ᠋ᠤ᠌ ᠴᠡᠴᠡᠭᠯᠡᠵᠦ᠂ 7—9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠪᠠ ᠲᠠᠷᠬᠠᠴᠠ] ᠬᠡᠭᠡᠷ᠎ᠡ ᠲᠠᠯ᠎ᠠ᠂ ᠠᠭᠤᠯᠠᠨ ᠭᠣᠣ ᠶ᠋ᠢᠨ ᠴᠢᠭᠢᠭᠯᠢᠭ ᠭᠠᠵᠠᠷ ᠲᠤ ᠤᠷᠭᠤᠨ᠎ᠠ᠃ ᠾᠧᠪᠧᠢ᠂ ᠾᠧᠨᠠᠨ᠂ ᠱᠠᠨᠰᠢ᠂ ᠭᠠᠨᠰᠦ ᠵᠢᠴᠢ ᠬᠥᠬᠡᠮᠥ᠋ᠷᠡᠨ ᠡᠴᠡ ᠡᠮᠦᠨᠡᠰᠢ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] 8—10 ᠳ᠋ᠤᠭᠠᠷ ᠰᠠᠷ᠎ᠠ ᠳ᠋ᠤ᠌ ᠮᠠᠯᠲᠠᠨ ᠠᠪᠴᠤ᠂ ᠦᠯᠡᠳᠡᠭᠳᠡᠯ ᠡᠰᠢ᠂ ᠰᠠᠬᠠᠯ ᠦᠨᠳᠦᠰᠦ ᠶ᠋ᠢ ᠨᠢ ᠠᠷᠢᠯᠭᠠᠨ ᠬᠠᠶᠠᠭᠠᠳ᠂ ᠤᠬᠢᠶᠠᠨ ᠴᠡᠪᠡᠷᠯᠡᠭᠡᠳ ᠲᠣᠮᠣ ᠵᠢᠵᠢᠭ ᠢ᠋ᠶ᠋ᠡᠷ ᠨᠢ ᠰᠠᠯᠭᠠᠵᠤ᠂ ᠪᠤᠴᠠᠯᠤᠮ᠎ᠠ ᠤᠰᠤᠨ ᠳ᠋ᠤ᠌ 3—5 ᠮᠢᠨᠦ᠋ᠲ ᠲᠠᠩᠨᠠᠵᠦ ᠭᠠᠷᠭᠠᠭᠠᠳ᠂ ᠬᠠᠭᠠᠰ ᠬᠠᠲᠠᠭᠰᠠᠨ ᠦᠶᠡᠰ ᠭᠠᠳᠠᠷ ᠬᠠᠯᠢᠰᠤ ᠶ᠋ᠢ ᠨᠢ ᠠᠷᠢᠯᠭᠠᠨ ᠬᠠᠶᠠᠭᠠᠳ᠂ ᠨᠠᠷᠠᠨ ᠳ᠋ᠤ᠌ ᠭᠦᠢᠴᠡᠳ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ᠂ ᠡᠬᠡᠭᠦᠨ ᠠᠮᠲᠠ ᠲᠠᠢ᠂᠂ ᠪᠦᠯᠢᠶᠡᠨ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠰᠢᠮᠡᠵᠢᠭᠦᠯᠬᠦ᠂ ᠬᠦᠴᠦᠵᠢᠭᠦᠯᠬᠦ᠂ ᠬᠣᠳᠣᠭᠣᠳᠣᠨ ᠤ᠋ ᠢᠯᠴᠢ ᠶ᠋ᠢ ᠰᠡᠯᠪᠢᠬᠦ᠂ ᠳᠤᠷ᠎ᠠ ᠶ᠋ᠢ ᠨᠡᠭᠡᠭᠡᠬᠦ᠂ ᠪᠠᠳᠬᠠᠨ ᠢ᠋ ᠠᠷᠢᠯᠭᠠᠬᠤ᠂ ᠥᠭᠡᠷᠢ ᠶ᠋ᠢ ᠬᠠᠲᠠᠭᠠᠬᠤ᠂ ᠰᠢᠷ᠎ᠠ ᠤᠰᠤ ᠶ᠋ᠢ ᠠᠷᠢᠯᠭᠠᠬᠤ ᠴᠢᠳᠠᠯ ᠲᠠᠢ᠃ ᠭᠣᠣᠯᠳᠠᠭᠤ ᠪᠥᠭᠡᠷᠡᠨ ᠦ᠌ ᠬᠦᠢᠲᠡᠨ ᠢ᠋ᠶ᠋ᠡᠷ ᠳᠤᠰᠤᠯ ᠴᠤᠪᠤᠷᠠᠬᠤ᠂ ᠨᠢᠷᠤᠭᠤ ᠬᠥᠯ ᠡᠪᠡᠳᠬᠦ᠂ ᠡᠷ᠎ᠡ ᠪᠡᠯᠭᠡ ᠰᠤᠯᠠᠷᠠᠭᠰᠠᠨ᠂ ᠳᠣᠣᠷᠠᠲᠤ ᠪᠡᠶ᠎ᠡ ᠶ᠋ᠢᠨ ᠰᠢᠷ᠎ᠠ ᠤᠰᠤᠨ ᠡᠪᠡᠳᠴᠢᠨ᠂ ᠬᠦᠢᠲᠡᠨ ᠦᠭᠡᠷᠢ᠂ ᠲᠠᠮᠢᠷ ᠲᠡᠩᠬᠡᠭᠡ ᠮᠠᠭᠤᠳᠠᠵᠤ ᠰᠢᠮ᠎ᠡ ᠲᠡᠵᠢᠭᠡᠯ ᠳᠤᠲᠠᠭᠳᠠᠭᠰᠠᠨ᠂ ᠬᠣᠳᠣᠭᠣᠳᠣᠨ ᠤ᠋ ᠬᠦᠢᠲᠡᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄ 白芨
   ᠠᠩᠭ᠌ᠯᠢ ᠨᠡᠷ᠎ᠡ᠄ Bletilla striata (Thunb. ex A. Murray) Rchb. f.

   ᠦᠰᠦᠭ ᠠᠮᠢᠯᠠᠭᠤᠯᠤᠭᠴᠢ᠄ ᠪᠤᠷᠤᠨᠤᠳ᠂ ᠴᠢᠮᠡᠭ
   ᠬᠢᠨᠠᠭᠴᠢ᠄ ᠲᠤᠶᠠᠭ᠎ᠠ