ᠰᠦᠪᠡᠭᠡᠳᠡᠢ ᠪᠠᠭᠠᠲᠤᠷ – ᠪᠦᠷᠢᠨᠰᠠᠢᠬᠠᠨ ᠲᠠᠢᠯᠪᠤᠷᠢ ᠬᠢᠪᠡ Сүвээдэй баатар – Бүрнсайхан тайлбар хийв ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠦᠪᠡᠭᠡᠳᠡᠢ ᠪᠠᠭᠠᠲᠤᠷ – ᠪᠦᠷᠢᠨᠰᠠᠢᠬᠠᠨ ᠲᠠᠢᠯᠪᠤᠷᠢ ᠬᠢᠪᠡ Сүвээдэй баатар – Бүрнсайхан тайлбар хийв

ᠰᠦᠪᠡᠭᠡᠳᠡᠢ ᠪᠠᠭᠠᠲᠤᠷ – ᠪᠦᠷᠢᠨᠰᠠᠢᠬᠠᠨ ᠲᠠᠢᠯᠪᠤᠷᠢ ᠬᠢᠪᠡ Сүвээдэй баатар – Бүрнсайхан тайлбар хийв

ᠠᠩᠭᠢᠯᠠᠯ:ᠲᠡᠦᠬᠡ ᠰᠣᠶᠣᠯ
2024-12-20

5690


       ᠠᠷᠪᠠᠨ ᠭᠤᠷᠪᠠᠳᠤᠭᠠᠷ ᠵᠠᠭᠤᠨ ᠤ᠋ ᠦᠶ᠎ᠡ ᠳᠦ ᠠᠯᠲᠠᠨ ᠳᠡᠯᠡᠬᠡᠢ ᠶ᠋ᠢᠨ ᠵᠢᠷᠦᠬᠡ ᠶ᠋ᠢ ᠴᠡᠴᠡᠷᠡᠭᠦᠯᠵᠦ ᠶᠠᠪᠤᠭᠰᠠᠨ ᠮᠣᠩᠭᠣᠯ ᠲᠥᠷᠥ ᠶ᠋ᠢᠨ ᠰᠦᠯᠲᠠᠨ ᠳᠣᠣᠷ᠎ᠠ  ᠨᠢᠭᠡᠨ ᠭᠠᠷᠮᠠᠭᠠᠢ ᠵᠠᠩᠵᠤᠨ ᠪᠠᠢᠵᠠᠢ᠃ ᠡᠨᠡ ᠬᠥᠮᠦᠨ ᠪᠣᠯ ᠳᠠᠷᠤᠢ ᠡᠵᠡᠨ ᠪᠣᠭᠳᠠ ᠴᠢᠩᠭᠢᠰ ᠬᠠᠭᠠᠨ ᠤ᠋ ᠮᠠᠨᠢ ᠢᠳᠡᠷ ᠶᠢᠰᠦᠨ ᠥᠷᠯᠥᠭ ᠦ᠋ᠨ ᠨᠢᠭᠡ ᠂ ᠡᠷᠬᠢᠮ ᠳᠥᠷᠪᠡᠨ ᠨᠣᠬᠠᠢ ᠶ᠋ᠢᠨ ᠨᠢᠭᠡ᠂ ᠶᠡᠬᠡ ᠮᠣᠩᠭᠣᠯ ᠬᠠᠭᠠᠨᠲᠤ ᠤᠯᠤᠰ ᠤᠨ ᠮᠢᠩᠭᠠᠲᠤ ᠶ᠋ᠢᠨ ᠨᠣᠶᠠᠨ᠂ ᠪᠠᠰᠠ ᠳᠡᠭᠡᠷ᠎ᠡ ᠡᠴᠡ ᠨᠢ ᠲᠤᠬᠠᠢ ᠶ᠋ᠢᠨ ᠦᠶ᠎ᠡ ᠶ᠋ᠢᠨ ᠮᠣᠩᠭᠣᠯ ᠲᠥᠷᠥ ᠶ᠋ᠢᠨ ᠲᠠᠩᠨᠠᠭᠤᠯ ᠤ᠋ᠨ ᠪᠠᠢᠭᠤᠯᠭ᠎ᠠ ᠶ᠋ᠢᠨ ᠲᠣᠮᠣ ᠭᠠᠪᠢᠶ᠎ᠠ ᠵᠢᠳᠬᠦᠯᠲᠡᠨ᠂ ᠴᠢᠩᠭᠢᠰ ᠥᠭᠡᠳᠡᠢ ᠬᠥᠶᠦᠭ ᠭᠤᠷᠪᠠᠨ ᠬᠠᠭᠠᠨ ᠤ᠋ ᠳᠣᠣᠷ᠎ᠠ ᠮᠣᠩᠭᠣᠯ ᠲᠥᠷᠥ ᠶ᠋ᠢᠨ ᠲᠥᠯᠥᠭᠡ ᠵᠢᠳᠬᠦᠨ ᠶᠠᠪᠤᠵᠤ᠂ ᠨᠢᠭᠡ ᠨᠠᠰᠤ ᠪᠠᠷ ᠤ᠋ᠨ ᠲᠡᠢᠨ ᠲᠤᠯᠤᠯᠳᠤᠭᠠᠨ ᠳ᠋ᠤ᠌ ᠶᠠᠪᠤᠵᠤ ᠪᠠᠢᠭᠰᠠᠨ ᠬᠥᠮᠦᠨ᠂ ᠵᠢᠷᠠᠨ ᠲᠠᠪᠤᠨ ᠲᠣᠮᠣ ᠲᠡᠢᠨ ᠪᠠᠢᠯᠳᠤᠭᠠᠨ ᠢ᠋ ᠥᠪᠡᠷ ᠦ᠋ᠨ ᠪᠡᠶ᠎ᠡ ᠪᠡᠷ ᠥᠩᠭᠡᠷᠡᠭᠦᠯᠦᠭᠰᠡᠨ ᠮᠥᠷᠲᠡᠭᠡᠨ ᠶᠡᠬᠡ ᠬᠠᠭᠠᠰ ᠢ᠋ ᠨᠢ ᠪᠠᠰᠠ ᠥᠪᠡᠷ ᠦ᠋ᠨ ᠪᠡᠶ᠎ᠡ ᠪᠡᠷ ᠢ᠋ᠶ᠋ᠡᠨ ᠤᠳᠤᠷᠢᠳᠤᠨ ᠵᠢᠯᠣᠭᠣᠳᠤᠭᠠᠳ ᠨᠢᠭᠡ ᠴᠦ᠍ ᠤᠳᠠᠭ᠎ᠠ ᠳᠡᠢᠯᠦᠭᠳᠡᠭᠰᠡᠨ ᠦᠭᠡᠢ ᠠᠰᠢᠳᠠ ᠶ᠋ᠢᠨ ᠢᠯᠠᠯᠲᠠ ᠶ᠋ᠢ ᠪᠠᠢᠭᠤᠯᠤᠨ᠂ ᠠᠯᠳᠠᠷ ᠨᠡᠷ᠎ᠡ ᠪᠡᠨ ᠮᠠᠨᠳᠤᠭᠤᠯᠤᠭᠰᠠᠨ᠂ ᠠᠤᠭ᠎ᠠ ᠶᠡᠬᠡ ᠵᠠᠩᠵᠤᠨ᠃ ᠰᠡᠭᠦᠯᠴᠢ ᠶ᠋ᠢᠨ ᠦᠶ᠎ᠡ ᠶ᠋ᠢᠨ ᠳᠡᠯᠡᠬᠡᠢ ᠶ᠋ᠢᠨ ᠲᠡᠦᠬᠡ ᠰᠤᠳᠤᠯᠤᠯ ᠢ᠋ ᠰᠤᠳᠤᠯᠵᠤ ᠪᠠᠢᠭ᠎ᠠ ᠡᠷᠳᠡᠮᠲᠡᠨ ᠮᠡᠷᠭᠡᠳ ᠨᠠᠷ ᠤᠨ ᠲᠣᠳᠣᠷᠬᠠᠢᠯᠠᠭᠰᠠᠨ ᠢ᠋ᠶ᠋ᠠᠷ ᠪᠣᠯ ᠡᠨᠡ ᠬᠥᠮᠦᠨ ᠪᠣᠯ ᠳᠡᠯᠡᠬᠡᠢ ᠳᠡᠭᠡᠷᠡᠬᠢ ᠬᠠᠮᠤᠭ ᠤᠨ ᠣᠯᠠᠨ ᠤᠯᠤᠰ ᠦᠨᠳᠦᠰᠦᠲᠡᠨ ᠪᠣᠯᠤᠨ ᠭᠠᠵᠠᠷ ᠨᠤᠲᠤᠭ ᠢ᠋ ᠡᠵᠡᠯᠡᠭᠰᠡᠨ ᠡᠢᠮᠦ ᠵᠠᠩᠵᠤᠨ ᠬᠥᠮᠦᠨ ᠪᠣᠯᠤᠨ᠎ᠠ ᠭᠡᠵᠡᠢ᠃ ᠡᠨᠡ ᠬᠥᠮᠦᠨ ᠪᠣᠯ ᠭᠤᠴᠢᠨ ᠬᠣᠶᠠᠷ ᠦᠨᠳᠦᠰᠦᠲᠡᠨ᠂ ᠲᠠᠪᠤᠨ ᠠᠷᠠᠰᠤᠲᠠᠨ ᠵᠢᠰᠦᠲᠡᠨ᠂ ᠭᠤᠷᠪᠠᠨ ᠲᠣᠮᠣ ᠱᠠᠰᠢᠨᠲᠠᠨ ᠤ᠋ ᠭᠠᠵᠠᠷ ᠨᠤᠲᠤᠭ ᠳᠡᠭᠡᠷ᠎ᠡ ᠪᠦᠷ ᠲᠡᠢᠨ ᠦ᠌ ᠢᠯᠳᠦ ᠶ᠋ᠢᠨ ᠢ᠋ᠶ᠋ᠡᠨ ᠰᠦᠷ ᠬᠦᠴᠦᠨ ᠢ᠋ᠶ᠋ᠡᠷ ᠲᠡᠨᠳᠡᠬᠢ ᠠᠷᠠᠳ ᠲᠦᠮᠡᠨ ᠢ᠋ ᠰᠥᠬᠦᠷᠡᠭᠦᠯᠦᠨ ᠴᠡᠴᠡᠷᠡᠭᠦᠯᠵᠦ ᠪᠠᠢᠭᠰᠠᠨ ᠠᠯᠳᠠᠷ ᠭᠠᠪᠢᠶ᠎ᠠ ᠲᠠᠢ᠂ ᠪᠠᠰᠠ ᠴᠢᠩᠭᠢᠭᠡᠳ ᠲᠡᠢᠨ ᠬᠢᠵᠦ ᠶᠠᠪᠤᠭᠰᠠᠨ ᠡᠨᠡ ᠵᠠᠮ ᠢ᠋ ᠪᠣᠳᠣᠵᠤ ᠦᠵᠡᠬᠦᠯ᠎ᠡ ᠳᠡᠯᠡᠬᠡᠢ ᠶ᠋ᠢᠨ ᠪᠦᠰᠡᠯᠡᠭᠦᠷ ᠢ᠋ ᠪᠦᠲᠦᠨ ᠭᠤᠷᠪᠠ ᠣᠷᠢᠶᠠᠬᠤᠢᠴᠠ ᠬᠡᠮᠵᠢᠶᠡᠨ ᠦ᠌ ᠤᠷᠲᠤ ᠭᠠᠵᠠᠷ ᠢ᠋ ᠲᠤᠭᠤᠯᠤᠭᠰᠠᠨ᠂ ᠡᠭᠦᠨ ᠢ᠋ ᠲᠣᠳᠣᠷᠬᠠᠢᠯᠠᠵᠠᠢ᠃ ᠡᠨᠡ ᠶᠡᠬᠡ ᠠᠤᠭ᠎ᠠ ᠵᠠᠩᠵᠤᠨ ᠬᠡᠨ ᠶᠦ᠍ᠮ ᠳᠡ? ᠭᠡᠰᠡᠨ ᠴᠢᠨᠢ ᠳᠠᠷᠤᠢ᠄ ᠤᠷᠢᠶᠠᠩᠬᠠᠢ ᠣᠪᠣᠭ ᠲᠠᠢ ᠰᠦᠪᠡᠭᠡᠳᠡᠢ ᠪᠠᠭᠠᠲᠤᠷ᠃ ᠪᠢᠳᠡ᠂ ᠰᠦᠪᠡᠭᠡᠳᠡᠢ ᠪᠠᠭᠠᠲᠤᠷ ᠰᠢᠭ᠋ ᠡᠢᠮᠦ ᠠᠭᠤᠤ ᠶᠡᠬᠡ ᠵᠠᠩᠵᠤᠨ ᠬᠥᠮᠦᠰ ᠢ᠋ᠶ᠋ᠡᠨ ᠵᠠᠪᠠᠯ ᠮᠡᠳᠡᠵᠦ᠂ ᠲᠠᠨᠢᠵᠤ᠂ ᠣᠢᠯᠠᠭᠠᠵᠤ᠂ ᠪᠠᠰᠠ ᠡᠭᠦᠨ ᠢ᠋ᠶ᠋ᠡᠷ ᠢ᠋ᠶ᠋ᠡᠨ ᠪᠠᠬᠠᠷᠬᠠᠯ ᠪᠣᠯᠭᠠᠬᠤ ᠬᠡᠷᠡᠭᠲᠡᠢ᠃ ᠲᠡᠦᠬᠡᠲᠦ ᠪᠠᠭᠠᠲᠤᠷ ᠤᠨ ᠭᠠᠢᠬᠠᠮᠰᠢᠭᠲᠤ ᠲᠡᠦᠬᠡ ᠶ᠋ᠢ ᠮᠡᠳᠡᠬᠦ ᠦᠭᠡᠢ᠂ ᠡᠨᠡ ᠪᠣᠯᠬᠤ ᠦᠭᠡᠢ! ᠪᠢᠳᠡ ᠵᠠᠪᠠᠯ ᠰᠦᠪᠡᠭᠡᠳᠡᠢ ᠪᠠᠭᠠᠲᠤᠷ ᠰᠢᠭ᠋ ᠡᠢᠮᠦ ᠥᠪᠡᠷ ᠦ᠋ᠨ ᠦᠨᠳᠦᠰᠦᠲᠡᠨ ᠦ᠌ ᠪᠠᠬᠠᠷᠬᠠᠯ ᠪᠣᠯᠤᠭᠰᠠᠨ ᠠᠤᠭ᠎ᠠ ᠶᠡᠬᠡ ᠬᠥᠮᠦᠰ ᠦ᠋ᠳ ᠦ᠋ᠨ ᠢ᠋ᠶ᠋ᠡᠨ ᠲᠡᠦᠬᠡ ᠨᠠᠮᠲᠠᠷ ᠢ᠋᠂ ᠠᠳᠠᠭ ᠲᠤ᠌ ᠪᠠᠨ ᠨᠡᠷ᠎ᠡ ᠶ᠋ᠢ ᠨᠢ ᠬᠡᠯᠡᠬᠦ ᠬᠥᠮᠦᠰ ᠦ᠋ᠨ ᠢ᠋ᠶ᠋ᠡᠨ ᠵᠠᠪᠠᠵᠢᠨ ᠳᠡᠭᠡᠷ᠎ᠡ ᠱᠦᠭᠯᠦ ᠰᠢᠭ ᠡᠯᠭᠦᠵᠦ᠂ ᠰᠣᠨᠣᠰᠬᠤ ᠬᠥᠮᠦᠰ ᠦ᠋ᠨ ᠴᠢᠬᠢᠨ ᠳᠡᠭᠡᠷ᠎ᠡ ᠬᠣᠩᠬᠣ ᠰᠢᠭ᠋ ᠳᠡᠭᠦᠵᠢᠯᠡᠵᠦ ᠬᠠᠶᠠᠭᠰᠠᠨ ᠪᠠᠢᠬᠤ ᠬᠡᠷᠡᠭᠲᠡᠢ᠃

      ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
        ᠦᠰᠦᠭ ᠬᠢᠨᠠᠭᠴᠢ᠄ ᠾᠦᠩ ᠸᠸᠢ