ᠬᠠᠢᠷ᠎ᠠ ᠶ᠋ᠢᠨ ᠵᠢᠷᠤᠭ -ᠪ· ᠪᠠᠶᠠᠨᠳᠠᠯᠠᠢХайрын жирүг-Б·Баяндалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶ᠋ᠢᠨ ᠵᠢᠷᠤᠭ -ᠪ· ᠪᠠᠶᠠᠨᠳᠠᠯᠠᠢХайрын жирүг-Б·Баяндалай

ᠬᠠᠢᠷ᠎ᠠ ᠶ᠋ᠢᠨ ᠵᠢᠷᠤᠭ -ᠪ· ᠪᠠᠶᠠᠨᠳᠠᠯᠠᠢХайрын жирүг-Б·Баяндалай

ᠠᠩᠭᠢᠯᠠᠯ:ᠳᠠᠭᠤᠤ ᠬᠥᠭᠵᠢᠮ
2024-12-19

588

ᠬᠠᠢᠷ᠎ᠠ ᠶ᠋ᠢᠨ ᠵᠢᠷᠤᠭ

    ᠦᠭᠡ᠄ ᠰ· ᠠᠷᠢᠭᠤᠨᠵᠤᠯᠡ 
    ᠠᠶ᠎ᠠ᠄ ᠨ· ᠪᠤᠶᠠᠨᠳᠡᠯᠭᠡᠷ 
    ᠳᠠᠭᠤᠴᠢᠨ᠄  ᠤ᠋· ᠪᠠᠶᠠᠨᠳᠠᠯᠠᠢ 
 ᠬᠠᠢᠷ᠎ᠠ ᠶ᠋ᠢᠨ ᠪᠢᠷ ᠢ᠋ᠶ᠋ᠡᠷ ᠴᠢᠮ᠎ᠠ ᠪᠠᠨ ᠪᠢ ᠵᠢᠷᠤᠯ᠎ᠠ 
 ᠬᠠᠴᠢᠨ ᠭᠣᠶᠣ ᠪᠠᠷ ᠤᠷᠠᠯᠠᠭᠰᠠᠨ ᠶᠠᠮᠠᠷᠬᠠᠨ ᠭᠤᠸ᠎ᠠ ᠦᠵᠡᠰᠬᠦᠯᠡᠩ ᠪᠣᠢ ᠴᠢ 
 ᠬᠠᠰ ᠦ᠋ᠨ ᠴᠢᠷᠠᠢ ᠶ᠋ᠢ ᠨᠢ ᠪᠣᠳᠣᠯ᠎ᠠ 
 ᠬᠠᠷᠠᠬᠠᠨ ᠨᠢᠳᠦᠨ ᠦ᠌ ᠬᠢᠨᠢ ᠲᠠᠯᠮᠢᠶ᠎ᠠ ᠨᠢ ᠶᠠᠭᠠᠬᠢᠭᠰᠠᠨ ᠳᠡᠭᠵᠢᠨ ᠶᠦ᠍ᠮ ᠪᠣᠢ 
 ᠵᠡᠭᠦᠳᠦ ᠪᠢᠰᠢ ᠪᠠᠢᠭ᠎ᠠ ᠳᠠ ᠭᠡᠵᠦ 
 ᠵᠥᠩᠳᠡᠭᠡᠨ ᠤᠳᠠᠭᠠᠨ ᠥᠪᠡᠷ ᠡᠴᠡ ᠪᠡᠨ ᠠᠰᠠᠭᠤᠯ᠎ᠠ 
 ᠰᠡᠳᠬᠢᠯ ᠦ᠋ᠨ ᠮᠢᠨᠢ ᠤᠷᠠᠯᠠᠩ ᠳ᠋ᠤ᠌ ᠵᠣᠷᠢᠭ ᠢ᠋ᠶ᠋ᠠᠷ ᠢ᠋ᠶ᠋ᠠᠨ ᠠᠶᠠᠯᠠᠭᠰᠠᠨ 
 ᠰᠠᠨᠠᠭᠠᠨ ᠳ᠋ᠤ᠌ ᠦᠭᠡᠢ ᠢᠷᠡᠭᠰᠡᠨ ᠳᠤᠷᠠᠯᠠᠯ ᠪᠠᠢᠵᠤ ᠳᠠ ᠴᠢ ᠮᠢᠨᠢ᠁
 ᠳᠣᠭᠳᠣᠯᠬᠤ ᠰᠡᠳᠬᠢᠯ ᠢ᠋ᠶ᠋ᠡᠨ ᠴᠢᠩᠨᠠᠨ ᠴᠢᠩᠨᠠᠨ ᠪᠠᠢᠵᠤ ᠰᠤᠷᠤᠯ᠎ᠠ
 ᠴᠡᠴᠡᠭ ᠦ᠋ᠨ ᠬᠡ ᠲᠡᠢ ᠳᠠᠰᠢᠨᠵᠠ ᠪᠠᠷ ᠴᠢᠮ᠎ᠠ ᠶ᠋ᠢ ᠪᠡᠨ ᠪᠢ ᠴᠢᠨᠢ ᠭᠤᠶᠤᠯ᠎ᠠ
 ᠳᠤᠷᠠᠯᠠᠨ ᠳᠤᠷᠠᠯᠠᠨ ᠥᠩᠭᠡ ᠪᠡᠨ ᠨᠡᠮᠡᠭᠡᠳ ᠪᠣᠳᠣᠯ᠎ᠠ
 ᠰᠠᠨᠠᠭ᠎ᠠ ᠠᠯᠲᠠᠨ ᠭᠡᠬᠢᠯᠵᠡᠮᠡᠷ ᠶᠠᠭᠠᠬᠢᠭᠰᠠᠨ ᠡᠩᠬᠦᠷᠡᠢ ᠶᠦ᠍ᠮ ᠪᠣᠢ
 ᠵᠡᠭᠦᠳᠦ ᠪᠢᠰᠢ ᠪᠠᠢᠭ᠎ᠠ ᠳᠠ ᠭᠡᠵᠦ
 ᠵᠥᠩᠳᠡᠭᠡᠨ ᠤᠳᠠᠭᠠᠨ ᠥᠪᠡᠷ ᠡᠴᠡ ᠪᠡᠨ ᠠᠰᠠᠭᠤᠯ᠎ᠠ
 ᠰᠡᠳᠬᠢᠯ ᠦ᠋ᠨ ᠮᠢᠨᠢ ᠤᠷᠠᠯᠠᠩ ᠳ᠋ᠤ᠌ ᠵᠣᠷᠢᠭ ᠢ᠋ᠶ᠋ᠠᠷ ᠢ᠋ᠶ᠋ᠠᠨ ᠠᠶᠠᠯᠠᠭᠰᠠᠨ
 ᠰᠠᠨᠠᠭᠠᠨ ᠳ᠋ᠤ᠌ ᠦᠭᠡᠢ ᠢᠷᠡᠭᠰᠡᠨ ᠳᠤᠷᠠᠯᠠᠯ ᠪᠠᠢᠵᠤ ᠳᠠ ᠴᠢ ᠮᠢᠨᠢ᠁
 ᠢᠯᠳᠠᠮ ᠵᠥᠭᠡᠯᠡᠨ ᠤᠷᠤᠭᠤᠯ ᠢ᠋ ᠴᠢᠨᠢ ᠪᠢ ᠵᠢᠷᠤᠯ᠎ᠠ
 ᠢᠯᠭᠤᠨ ᠰᠠᠷᠠᠨ ᠤ᠋ ᠭᠡᠭᠡ ᠰᠢᠭ ᠶᠠᠮᠠᠷᠬᠠᠨ ᠭᠣᠶᠣᠬᠠᠨ ᠶᠤᠮ ᠪᠣᠢ
 ᠤᠷᠠᠨ ᠭᠤᠸᠠᠯᠢᠭ ᠪᠡᠯᠬᠡᠭᠦᠰᠦ ᠶ᠋ᠢ ᠴᠢᠨᠢ ᠵᠢᠷᠤᠯ᠎ᠠ
 ᠤᠶᠠᠬᠠᠨ ᠵᠢᠷᠦᠬᠡ ᠶ᠋ᠢ ᠳᠣᠭᠳᠣᠯᠤᠭᠤᠯᠤᠮᠠᠷ ᠶᠠᠭᠠᠬᠢᠭᠰᠠᠨ ᠲᠠᠩᠰᠤᠭ ᠶᠤᠮ ᠪᠣᠢ
 ᠵᠡᠭᠦᠳᠦ ᠪᠢᠰᠢ ᠪᠠᠢᠭ᠎ᠠ ᠳᠠ ᠭᠡᠵᠦ
 ᠵᠥᠩᠳᠡᠭᠡᠨ ᠤᠳᠠᠭᠠᠨ ᠥᠪᠡᠷ ᠡᠴᠡ ᠪᠡᠨ ᠠᠰᠠᠭᠤᠯ᠎ᠠ
 ᠰᠡᠳᠬᠢᠯ ᠦ᠋ᠨ ᠮᠢᠨᠢ ᠤᠷᠠᠯᠠᠩ ᠳ᠋ᠤ᠌ ᠵᠣᠷᠢᠭ ᠢ᠋ᠶ᠋ᠠᠷ ᠢ᠋ᠶ᠋ᠠᠨ ᠠᠶᠠᠯᠠᠭᠰᠠᠨ
 ᠰᠠᠨᠠᠭᠠᠨ ᠳ᠋ᠤ᠌ ᠦᠭᠡᠢ ᠢᠷᠡᠭᠰᠡᠨ ᠳᠤᠷᠠᠯᠠᠯ ᠪᠠᠢᠵᠤ ᠳᠠ ᠴᠢ ᠮᠢᠨᠢ᠁
 ᠵᠡᠭᠦᠳᠦ ᠪᠢᠰᠢ ᠪᠠᠢᠭ᠎ᠠ ᠳᠠ ᠭᠡᠵᠦ
 ᠵᠥᠩᠳᠡᠭᠡᠨ ᠤᠳᠠᠭᠠᠨ ᠥᠪᠡᠷ ᠡᠴᠡ ᠪᠡᠨ ᠠᠰᠠᠭᠤᠯ᠎ᠠ
 ᠰᠡᠳᠬᠢᠯ ᠦ᠋ᠨ ᠮᠢᠨᠢ ᠤᠷᠠᠯᠠᠩ ᠳ᠋ᠤ᠌ ᠵᠣᠷᠢᠭ ᠢ᠋ᠶ᠋ᠠᠷ ᠢ᠋ᠶ᠋ᠠᠨ ᠠᠶᠠᠯᠠᠭᠰᠠᠨ
 ᠰᠠᠨᠠᠭᠠᠨ ᠳ᠋ᠤ᠌ ᠦᠭᠡᠢ ᠢᠷᠡᠭᠰᠡᠨ ᠳᠤᠷᠠᠯᠠᠯ ᠪᠠᠢᠵᠤ ᠳᠠ ᠴᠢ ᠮᠢᠨᠢ᠁
   ᠦᠰᠦᠭ ᠬᠠᠲᠠᠵᠤ ᠦᠰᠦᠭ ᠠᠮᠢᠯᠠᠭᠤᠯᠤᠭᠰᠠᠨ ᠨᠢ᠄ ᠥᠨᠢᠮᠥ᠋ᠩᠬᠡ
   ᠬᠢᠨᠠᠭᠴᠢ ᠪᠠᠭᠰᠢ᠄ ᠤᠶᠠᠬᠠᠨ