ᠠᠮᠢᠨ ᠬᠠᠶ᠋ᠢᠷᠠᠲᠠᠢ ᠥᠬᠢᠨ- ᠣᠳᠬᠠᠨᠵᠢᠷᠭᠠᠯАмин хайртай охин-утгаанжаргал
ᠠᠮᠢᠨ ᠬᠠᠶ᠋ᠢᠷᠠᠲᠠᠢ ᠥᠬᠢᠨ
ᠦᠭᠡ᠄ ᠬᠠᠲᠠᠭᠢᠨ ᠠᠰᠬᠠᠨ
ᠠᠶ᠎ᠠ᠄ ᠪᠠᠶᠠᠨᠴᠡᠩᠭᠡᠯ
ᠳᠠᠭᠤᠴᠢᠨ᠄ ᠣᠳᠬᠠᠨᠵᠢᠷᠭᠠᠯ
ᠠᠢ ᠬᠦᠢ ᠠᠢ ᠬᠦᠢ
ᠪᠤᠳᠠᠩ ᠲᠠᠲᠠᠯ᠎ᠠ ᠰᠠᠯᠬᠢ ᠬᠥᠳᠡᠯᠬᠦ ᠶᠦᠮ ᠪᠠᠢᠨ᠎ᠠ
ᠠᠯᠴᠢᠭᠤᠷ ᠢ᠋ᠶ᠋ᠠᠨ ᠣᠷᠢᠶᠠᠬᠤ ᠪᠠᠨ ᠪᠤᠤ ᠯᠠ ᠮᠠᠷᠲᠠ
ᠠᠮᠢᠨ ᠬᠠᠢᠷᠠᠲᠠᠢ ᠥᠬᠢᠨ ᠴᠢ ᠮᠢᠨᠢ
ᠠᠷᠤ ᠨᠤᠲᠤᠭ ᠢ᠋ᠶ᠋ᠠᠨ ᠰᠠᠨᠠᠵᠤ ᠪᠠᠢᠨᠠᠤ
ᠠᠯᠠᠭᠠᠨ ᠳᠡᠭᠡᠷ᠎ᠡ ᠪᠡᠨ ᠡᠩᠬᠦᠷᠡᠢᠯᠡᠵᠦ ᠥᠰᠬᠡᠭᠰᠡᠨ
ᠠᠴᠢᠲᠤ ᠠᠪᠤ ᠪᠠᠨ ᠰᠠᠨᠠᠵᠤ ᠪᠠᠢᠨᠠᠤ
ᠠᠭᠠᠷ ᠴᠢᠯᠥᠭᠡᠲᠡᠢ ᠲᠠᠯ᠎ᠠ ᠳ᠋ᠠᠭᠠᠨ ᠠᠭᠤᠵᠢᠭᠤ ᠠᠯᠬᠤᠵᠤ ᠶᠠᠪᠤᠨᠠᠤ
ᠠᠳᠤᠭᠤ ᠮᠠᠯ ᠤ᠋ᠨ ᠢ᠋ᠶ᠋ᠠᠨ ᠪᠤᠶᠠᠨ ᠢ᠋ᠶ᠋ᠠᠨ ᠤᠳᠠᠭᠠᠨ ᠬᠣᠷᠣᠵᠤ ᠶᠠᠪᠤᠨᠠᠤ
ᠠᠢ ᠬᠦᠢ ᠠᠢ ᠬᠦᠢ
ᠡᠭᠦᠯᠡ ᠭᠠᠷᠤᠯ᠎ᠠ ᠪᠣᠷᠣᠭᠠᠨ ᠣᠷᠣᠬᠤ ᠶᠤᠮ ᠪᠠᠢᠨ᠎ᠠ
ᠴᠤᠪᠠ ᠪᠠᠨ ᠠᠪᠬᠤ ᠪᠠᠨ ᠪᠤᠤ ᠯᠠ ᠮᠠᠷᠲᠠ
ᠡᠩᠬᠦᠷᠡᠢ ᠬᠠᠢᠷᠠᠲᠠᠢ ᠥᠬᠢᠨ ᠴᠢ ᠮᠢᠨᠢ
ᠡᠨᠡᠬᠡᠨ ᠨᠤᠲᠤᠭ ᠢ᠋ᠶ᠋ᠠᠨ ᠰᠠᠨᠠᠵᠤ ᠪᠠᠢᠨᠠᠤ
ᠡᠯᠢᠭᠡᠨ ᠳᠡᠭᠡᠷ᠎ᠡ ᠪᠡᠨ ᠡᠷᠬᠡᠯᠡᠭᠦᠯᠵᠦ ᠬᠠᠢᠷᠠᠯᠠᠭᠰᠠᠨ
ᠡᠨᠡᠷᠢᠯᠲᠦ ᠡᠵᠢ ᠪᠡᠨ ᠰᠠᠨᠠᠵᠤ ᠪᠠᠢᠨᠠᠤ
ᠮᠠᠯᠴᠢᠨ ᠪᠣᠷᠣ ᠵᠠᠯᠠᠭᠤ ᠪᠠᠨ ᠮᠠᠷᠲᠠᠬᠤ ᠦᠭᠡᠢ ᠰᠠᠨᠠᠵᠤ ᠪᠠᠢᠨᠠᠤ
ᠮᠣᠩᠭᠣᠯ ᠬᠦᠦ ᠵᠠᠶᠠᠭᠠᠬᠤ ᠶ᠋ᠢᠨ ᠢᠷᠡᠭᠡᠳᠦᠢ ᠪᠡᠨ ᠰᠠᠨᠠᠵᠤ ᠪᠠᠢᠨᠠᠤ
ᠠᠢ ᠬᠦᠢ ᠠᠢ ᠬᠦᠢ
ᠪᠤᠳᠠᠩ ᠲᠠᠲᠠᠯ᠎ᠠ ᠰᠠᠯᠬᠢ ᠬᠥᠳᠡᠯᠬᠦ ᠶᠦᠮ ᠪᠠᠢᠨ᠎ᠠ
ᠠᠯᠴᠢᠭᠤᠷ ᠢ᠋ᠶ᠋ᠠᠨ ᠣᠷᠢᠶᠠᠬᠤ ᠪᠠᠨ ᠪᠤᠤ ᠯᠠ ᠮᠠᠷᠲᠠ
ᠵᠢᠷᠦᠬᠡᠨ ᠬᠠᠢᠷᠠᠲᠠᠢ ᠥᠬᠢᠨ ᠴᠢ ᠮᠢᠨᠢ
ᠵᠡᠭᠦᠳᠦᠨ ᠨᠤᠲᠤᠭ ᠢ᠋ᠶ᠋ᠠᠨ ᠰᠠᠨᠠᠵᠤ ᠪᠠᠢᠨᠠᠤ
ᠵᠦᠯᠭᠡᠨ ᠳᠤᠮᠳᠠ ᠪᠠᠨ ᠢᠨᠵᠠᠭᠠᠵᠤ ᠬᠣᠴᠣᠷᠤᠭᠰᠠᠨ
ᠵᠢᠰᠦᠨ ᠵᠡᠭᠡᠷᠳᠡ ᠪᠡᠨ ᠰᠠᠨᠠᠵᠤ ᠪᠠᠢᠨᠠᠤ
ᠵᠦᠰᠡᠷᠡᠬᠦ ᠪᠣᠷᠣᠭᠠᠨ ᠤ᠋ ᠳᠤᠮᠳᠠ ᠵᠥᠭᠡᠯᠡᠨ ᠰᠢᠪᠡᠨᠡᠵᠦ ᠶᠠᠪᠤᠨᠠᠤ
ᠵᠦᠭ ᠢ᠋ ᠨᠢ ᠲᠠᠭᠠᠷᠠᠭᠤᠯᠵᠤ ᠨᠠᠳᠠ ᠳ᠋ᠠᠭᠠᠨ ᠢᠯᠡᠭᠡᠯᠲᠡ ᠥᠭᠴᠦ ᠪᠠᠢᠨᠠᠤ
ᠠᠢ ᠬᠦᠢ ᠠᠢ ᠬᠦᠢ
ᠴᠠᠰᠤ ᠰᠢᠭᠤᠷᠠᠯᠠ ᠬᠦᠢᠲᠡᠨ ᠢᠷᠡᠬᠦ ᠶᠦᠮ ᠪᠠᠢᠨ᠎ᠠ
ᠳᠡᠪᠡᠯ ᠢ᠋ᠶ᠋ᠡᠨ ᠵᠤᠵᠠᠭᠠᠯᠠᠬᠤ ᠪᠠᠨ ᠪᠤᠤ ᠯᠠ ᠮᠠᠷᠲᠠ
ᠠᠢ ᠬᠦᠢ ᠠᠢ ᠬᠦᠢ
ᠴᠠᠰᠤ ᠰᠢᠭᠤᠷᠠᠯᠠ ᠬᠦᠢᠲᠡᠨ ᠢᠷᠡᠬᠦ ᠶᠦᠮ ᠪᠠᠢᠨ᠎ᠠ
ᠳᠡᠪᠡᠯ ᠢ᠋ᠶ᠋ᠡᠨ ᠵᠤᠵᠠᠭᠠᠯᠠᠬᠤ ᠪᠠᠨ ᠪᠤᠤ ᠯᠠ ᠮᠠᠷᠲᠠ
ᠳᠡᠪᠡᠯ ᠢ᠋ᠶ᠋ᠡᠨ ᠵᠤᠵᠠᠭᠠᠯᠠᠬᠤ ᠪᠠᠨ ᠪᠤᠤ ᠯᠠ ᠮᠠᠷᠲᠠ
ᠳᠡᠪᠡᠯ ᠢ᠋ᠶ᠋ᠡᠨ ᠵᠤᠵᠠᠭᠠᠯᠠᠬᠤ ᠪᠠᠨ ᠪᠤᠤ ᠯᠠ ᠮᠠᠷᠲᠠ
