ᠦᠶᠡᠷᠬᠡᠯ ᠦᠨ ᠳᠠᠭᠤᠤ - ᠪ ∙ ᠡᠩᠬᠡᠲᠠᠢᠪᠤᠩ᠂ ᠲ ∙ ᠳᠠᠸᠠᠰᠦ᠋ᠷᠦᠩҮерхлийн дуу - Б.Энхтайван, Т.Даваасүрэн
ᠦᠶᠡᠷᠬᠡᠯ ᠦᠨ ᠳᠠᠭᠤᠤ
ᠦᠭᠡ᠄ ᠰ·ᠴᠸᠩᠬᠠᠵᠯ
ᠠᠶ᠎ᠠ᠄ ᠳ· ᠴᠡᠴᠡᠷᠯᠢᠭ
— ᠡᠩᠬᠡᠲᠠᠢᠪᠤᠩ᠂ ᠳᠠᠸᠠᠰᠦᠷᠦᠩ ᠳᠠᠭᠤᠯᠠᠨ᠎ᠠ
ᠨᠠᠢᠵᠠ ᠨᠠᠢᠵᠠ ᠶᠢᠨ ᠢᠶᠠᠨ ᠳᠤᠮᠳᠠ ᠠᠴᠠ ᠣᠮᠣᠭ ᠪᠣᠯᠵᠤ ᠨᠥᠬᠥᠷᠯᠡᠭᠡᠳ
ᠨᠠᠨᠳᠢᠨ ᠰᠠᠢᠬᠠᠨ ᠰᠡᠳᠬᠢᠯ ᠢᠶᠡᠷ ᠢᠶᠡᠨ ᠤᠷᠮ᠎ᠠ ᠬᠠᠢᠷᠠᠯᠠᠵᠤ ᠶᠠᠪᠤᠳᠠᠭ
ᠳᠠᠭᠤᠤ ᠳᠠᠭᠤᠨ ᠤ ᠡᠭᠡᠰᠢᠭ ᠲᠦ ᠬᠠᠮᠲᠤ ᠳᠠᠭᠠᠨ ᠤᠶᠠᠰᠤᠨ ᠴᠡᠩᠭᠡᠭᠡᠳ
ᠳᠤᠲᠠᠭᠤ ᠪᠦᠬᠦᠨ ᠢᠶᠡᠨ ᠨᠥᠬᠥᠨ ᠰᠡᠳᠬᠢᠯ ᠨᠢ ᠰᠡᠷᠭᠦᠵᠦ ᠴᠡᠯᠮᠡᠳᠡᠭ
ᠠᠭᠤᠯᠠᠰ ᠠᠭᠤᠯᠠᠰ ᠰᠢᠭ᠋ ᠪᠡᠶᠡᠰ ᠢᠶᠡᠨ ᠲᠦᠰᠢᠨ
ᠤᠷᠭᠤᠵᠤ ᠲᠣᠭᠲᠠᠭᠰᠠᠨ ᠰᠠᠢᠬᠠᠨ ᠨᠠᠢᠵᠠ ᠨᠤᠭᠤᠳ ᠮᠢᠨᠢ
ᠡᠭᠦᠯᠡᠰ ᠡᠭᠦᠯᠡᠰ ᠰᠢᠭ᠌ ᠠᠯᠤᠰᠯᠠᠨ ᠬᠣᠯᠠᠳᠠᠯ᠎ᠠ ᠴᠤ
ᠦᠭᠡᠢᠯᠡᠨ ᠰᠠᠨᠠᠳᠠᠭ ᠰᠠᠢᠬᠠᠨ ᠨᠥᠬᠥᠳ ᠮᠢᠨᠢ
ᠪᠠᠶᠠᠷ ᠪᠠᠶᠠᠷ ᠢᠶᠠᠨ ᠬᠤᠪᠢᠶᠠᠯᠴᠠᠨ ᠠᠭᠤᠯᠵᠠᠵᠤ ᠵᠢᠷᠭᠠᠬᠤ ᠦᠶ᠎ᠡ ᠳᠡᠭᠡᠨ
ᠪᠠᠬᠠᠳᠤᠵᠤ ᠶᠠᠳᠠᠭᠰᠠᠨ ᠰᠡᠳᠬᠢᠯ ᠢᠶᠡᠨ ᠨᠡᠭᠡᠭᠡᠵᠦ ᠯᠡ ᠪᠠᠢᠵᠤ ᠠᠮᠠᠷᠠᠳᠠᠭ
ᠭᠤᠨᠢᠭ ᠲᠡᠭᠡᠭᠡᠭᠰᠡᠨ ᠰᠡᠭᠦᠳᠡᠷ ᠨᠢᠭᠡ ᠶᠢ ᠨᠢ ᠨᠥᠮᠥᠷᠦᠭᠡᠳ ᠢᠷᠡᠬᠦ ᠳᠦ
ᠭᠤᠨᠳᠠᠵᠤ ᠭᠠᠩᠬᠤᠬᠤ ᠶᠢᠨ ᠵᠠᠪᠳᠤᠯ ᠦᠭᠡᠢ ᠡᠷᠭᠦᠵᠦ ᠳᠡᠮᠵᠢᠭᠡᠳ ᠠᠪᠳᠠᠭ
ᠠᠭᠤᠯᠠᠰ ᠠᠭᠤᠯᠠᠰ ᠰᠢᠭ᠋ ᠪᠡᠶᠡᠰ ᠢᠶᠡᠨ ᠲᠦᠰᠢᠨ
ᠤᠷᠭᠤᠵᠤ ᠲᠣᠭᠲᠠᠭᠰᠠᠨ ᠰᠠᠢᠬᠠᠨ ᠨᠠᠢᠵᠠ ᠨᠤᠭᠤᠳ ᠮᠢᠨᠢ
ᠡᠭᠦᠯᠡᠰ ᠡᠭᠦᠯᠡᠰ ᠰᠢᠭ᠌ ᠠᠯᠤᠰᠯᠠᠨ ᠬᠣᠯᠠᠳᠠᠯ᠎ᠠ ᠴᠤ
ᠦᠭᠡᠢᠯᠡᠨ ᠰᠠᠨᠠᠳᠠᠭ ᠰᠠᠢᠬᠠᠨ ᠨᠥᠬᠥᠳ ᠮᠢᠨᠢ
ᠨᠠᠭᠤᠷ ᠨᠠᠭᠤᠷ ᠤᠨ ᠰᠢᠪᠠᠭᠤᠳ ᠰᠢᠭ᠋ ᠴᠤᠭᠯᠠᠨ ᠴᠤᠭᠯᠠᠵᠤ ᠳᠠᠭᠤᠯᠠᠬᠤ ᠳᠠᠭᠠᠨ
ᠨᠤᠲᠤᠭ ᠨᠤᠲᠤᠭ ᠤᠨ ᠬᠡᠦᠬᠡᠳ ᠦᠳ ᠠᠨᠳᠠ ᠨᠤᠭᠤᠳ ᠭᠡᠳᠡᠭ ᠢᠶᠡᠨ ᠮᠡᠳᠡᠷᠡᠳᠡᠭ
ᠡᠨᠡᠬᠡᠨ ᠨᠠᠰᠤᠨ ᠤ ᠢᠲᠡᠭᠡᠯ ᠢᠶᠡᠷ ᠳᠡᠩᠳᠡᠭᠦᠦ ᠳᠣᠲᠣᠨᠣ ᠪᠠᠷ ᠦᠶᠡᠷᠬᠡᠵᠦ
ᠡᠯᠢᠭᠡᠨ ᠬᠠᠯᠠᠭᠤᠨ ᠰᠡᠳᠬᠢᠯ ᠳᠡᠭᠡᠨ ᠨᠥᠬᠥᠳ ᠢᠶᠡᠨ ᠯᠡ ᠬᠠᠢᠷᠠᠯᠠᠵᠤ ᠬᠦᠨᠳᠦᠯᠡᠳᠡᠭ
ᠠᠭᠤᠯᠠᠰ ᠠᠭᠤᠯᠠᠰ ᠰᠢᠭ᠋ ᠪᠡᠶᠡᠰ ᠢᠶᠡᠨ ᠲᠦᠰᠢᠨ
ᠤᠷᠭᠤᠵᠤ ᠲᠣᠭᠲᠠᠭᠰᠠᠨ ᠰᠠᠢᠬᠠᠨ ᠨᠠᠢᠵᠠ ᠨᠤᠭᠤᠳ ᠮᠢᠨᠢ
ᠡᠭᠦᠯᠡᠰ ᠡᠭᠦᠯᠡᠰ ᠰᠢᠭ᠌ ᠠᠯᠤᠰᠯᠠᠨ ᠬᠣᠯᠠᠳᠠᠯ᠎ᠠ ᠴᠤ
ᠦᠭᠡᠢᠯᠡᠨ ᠰᠠᠨᠠᠳᠠᠭ ᠰᠠᠢᠬᠠᠨ ᠨᠥᠬᠥᠳ ᠮᠢᠨᠢ
ᠦᠰᠦᠭ ᠬᠠᠳᠠᠵᠤ᠂ ᠠᠮᠢᠯᠠᠭᠤᠯᠤᠭᠰᠠᠨ ᠨᠢ᠄ ᠡᠩᠬᠡᠮᠡᠨᠳᠦ
ᠬᠢᠨᠠᠭᠴᠢ᠄ ᠨᠤᠮᠤᠴᠢᠨ ᠪᠢᠯᠢᠭ᠂ ᠪᠢᠮᠪᠠ
