ᠴᠡᠴᠡᠭᠴᠢᠨ ᠦ᠌ ᠬᠦᠰᠡᠯᠡᠩ- ᠤ᠋· ᠨᠠᠷᠠᠨᠴᠣᠭᠲᠦ Цэцэгчний хүслэн-Б·Наранцог ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠴᠡᠭᠴᠢᠨ ᠦ᠌ ᠬᠦᠰᠡᠯᠡᠩ- ᠤ᠋· ᠨᠠᠷᠠᠨᠴᠣᠭᠲᠦ Цэцэгчний хүслэн-Б·Наранцог

ᠴᠡᠴᠡᠭᠴᠢᠨ ᠦ᠌ ᠬᠦᠰᠡᠯᠡᠩ- ᠤ᠋· ᠨᠠᠷᠠᠨᠴᠣᠭᠲᠦ Цэцэгчний хүслэн-Б·Наранцог

ᠠᠩᠭᠢᠯᠠᠯ:ᠳᠠᠭᠤᠤ ᠬᠥᠭᠵᠢᠮ
2024-12-18

1260

ᠴᠡᠴᠡᠭᠴᠢᠨ ᠦ᠌ ᠬᠦᠰᠡᠯᠡᠩ

   ᠦᠭᠡ᠄ ᠵ· ᠪᠠᠳᠠᠷ᠎ᠠ 
   ᠠᠶ᠎ᠠ᠄ ᠭ· ᠠᠯᠲᠠᠨᠬᠤᠶᠠᠭ 
   ᠳᠠᠭᠤᠴᠢᠨ᠄ ᠤ᠋· ᠨᠠᠷᠠᠨᠴᠣᠭᠲᠦ 
ᠠᠯᠲᠠᠨ ᠨᠠᠷᠠᠨ ᠤ᠋ ᠰᠠᠴᠤᠷᠠᠭ ᠠᠳᠬᠤᠨ 
ᠠᠷᠢᠭᠤᠨ ᠬᠥᠷᠥᠰᠥᠨ ᠳ᠋ᠦ᠍ ᠰᠣᠶᠣᠭᠠᠯᠠᠨ ᠨᠠᠢᠭᠤᠭᠰᠠᠨ 
ᠠᠮᠢᠳᠤᠷᠠᠯ ᠵᠢᠷᠭᠠᠯ ᠤ᠋ᠨ ᠭᠡᠭᠡᠨ ᠪᠡᠯᠭᠡᠳᠡᠯ 
ᠠᠯᠠᠭ ᠴᠡᠴᠡᠭᠡᠰ ᠮᠥᠩᠬᠡ ᠳᠡᠯᠭᠡᠷᠡᠭ ᠠ᠋ 
ᠡᠩᠬᠦᠷᠡᠢᠬᠡᠨ ᠳᠡᠯᠪᠡᠭᠡ ᠶ᠋ᠢ ᠴᠢᠨᠢ ᠲᠠᠭᠠᠯᠠᠩᠬᠠᠨ 
ᠡᠬᠡ ᠶ᠋ᠢᠨ ᠬᠠᠢᠷ᠎ᠠ ᠪᠠᠷ ᠴᠢᠮ᠎ᠠ ᠶ᠋ᠢ ᠤᠷᠭᠤᠭᠤᠯᠤᠭᠰᠠᠨ ᠶᠤᠮ 
ᠡᠩᠬᠦᠷᠡᠢᠬᠡᠨ ᠳᠡᠯᠪᠡᠭᠡ ᠶ᠋ᠢ ᠴᠢᠨᠢ ᠳᠠᠭᠠᠯᠠᠩᠬᠠᠨ 
ᠡᠬᠡ ᠶ᠋ᠢᠨ ᠬᠠᠢᠷ᠎ᠠ ᠪᠠᠷ ᠴᠢᠮ᠎ᠠ ᠶ᠋ᠢ ᠤᠷᠭᠤᠭᠤᠯᠤᠭᠰᠠᠨ ᠶᠤᠮ 
ᠬᠠᠪᠤᠷ ᠤ᠋ᠨ ᠦᠳᠡᠰᠢ ᠵᠠᠯᠠᠭᠤᠰ ᠤᠴᠠᠷᠠᠬᠤ ᠳ᠋ᠤ᠌ ᠪᠠᠨ
ᠬᠠᠢᠷ᠎ᠠ ᠶ᠋ᠢᠨ ᠪᠣᠯᠵᠣᠭᠠᠨ ᠳ᠋ᠤ᠌ ᠴᠢᠮ᠎ᠠ ᠶ᠋ᠢ ᠡᠷᠭᠦᠩᠬᠡᠨ
ᠰᠠᠢᠬᠠᠨ ᠦᠨᠦᠷ ᠲᠦ᠍ ᠴᠢᠨᠢ ᠰᠡᠳᠬᠢᠯ ᠪᠠᠶᠠᠰᠤᠩᠬᠠᠨ
ᠰᠠᠷᠠᠭᠤᠯ ᠣᠷᠴᠢᠯᠠᠩ ᠳ᠋ᠤ᠌ ᠵᠢᠷᠭᠠᠵᠤ ᠶᠠᠪᠤᠭ ᠠ᠋
ᠡᠩᠬᠦᠷᠡᠢᠬᠡᠨ ᠳᠡᠯᠪᠡᠭᠡ ᠶ᠋ᠢ ᠴᠢᠨᠢ ᠲᠠᠭᠠᠯᠠᠩᠬᠠᠨ
ᠡᠬᠡ ᠶ᠋ᠢᠨ ᠬᠠᠢᠷ᠎ᠠ ᠪᠠᠷ ᠴᠢᠮ᠎ᠠ ᠶ᠋ᠢ ᠤᠷᠭᠤᠭᠤᠯᠤᠭᠰᠠᠨ ᠶᠤᠮ
ᠡᠩᠬᠡ ᠶ᠋ᠢᠨ ᠲᠥᠯᠥᠭᠡ ᠴᠡᠴᠡᠭ ᠢ᠋ᠶ᠋ᠡᠨ ᠪᠠᠷᠢᠨ
ᠡᠪ ᠦ᠋ᠨ ᠳᠡᠯᠡᠬᠡᠢ ᠶ᠋ᠢᠨ ᠬᠥᠮᠦᠰ ᠨᠢᠭᠡᠳᠴᠦ
ᠮᠢᠨᠦ ᠴᠡᠴᠡᠭ ᠦ᠋ᠨ ᠠᠷᠢᠭᠤᠨ ᠳᠡᠯᠪᠡᠭᠡ ᠳ᠋ᠦ᠍
ᠲᠡᠢᠨ ᠦ᠌ ᠲᠣᠭᠣᠰᠣ ᠪᠦᠦ ᠤᠨᠠᠭ ᠠ᠋
ᠡᠩᠬᠦᠷᠡᠢᠬᠡᠨ ᠳᠡᠯᠪᠡᠭᠡ ᠶ᠋ᠢ ᠴᠢᠨᠢ ᠳᠠᠭᠠᠯᠠᠩᠬᠠᠨ
ᠡᠬᠡ ᠶ᠋ᠢᠨ ᠬᠠᠢᠷ᠎ᠠ ᠪᠠᠷ ᠴᠢᠮ᠎ᠠ ᠶ᠋ᠢ ᠤᠷᠭᠤᠭᠤᠯᠤᠭᠰᠠᠨ ᠶᠤᠮ
ᠡᠩᠬᠦᠷᠡᠢᠬᠡᠨ ᠳᠡᠯᠪᠡᠭᠡ ᠶ᠋ᠢ ᠴᠢᠨᠢ ᠳᠠᠭᠠᠯᠠᠩᠬᠠᠨ
ᠡᠬᠡ ᠶ᠋ᠢᠨ ᠬᠠᠢᠷ᠎ᠠ ᠪᠠᠷ ᠴᠢᠮ᠎ᠠ ᠶ᠋ᠢ ᠤᠷᠭᠤᠭᠤᠯᠤᠭᠰᠠᠨ ᠶᠤᠮ
  ᠦᠰᠦᠭ ᠬᠠᠲᠠᠵᠤ ᠦᠰᠦᠭ ᠠᠮᠢᠯᠠᠭᠤᠯᠤᠭᠰᠠᠨ᠄ ᠥᠨᠢᠮᠥ᠋ᠩᠬᠡ
  ᠬᠢᠨᠠᠭᠴᠢ ᠪᠠᠭᠰᠢ᠄ ᠤᠶᠠᠬᠠᠨ