ᠰᠠᠢᠬᠠᠨ ᠮᠣᠩᠭᠣᠯ ᠮᠡᠨᠳᠦ - ᠶᠣ·ᠡᠷᠳᠡᠨᠢᠲᠣᠭᠲᠠᠬᠤСайхан монгол манд-Ё·Эрдэнэтогтох ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ ᠮᠣᠩᠭᠣᠯ ᠮᠡᠨᠳᠦ - ᠶᠣ·ᠡᠷᠳᠡᠨᠢᠲᠣᠭᠲᠠᠬᠤСайхан монгол манд-Ё·Эрдэнэтогтох

ᠰᠠᠢᠬᠠᠨ ᠮᠣᠩᠭᠣᠯ ᠮᠡᠨᠳᠦ - ᠶᠣ·ᠡᠷᠳᠡᠨᠢᠲᠣᠭᠲᠠᠬᠤСайхан монгол манд-Ё·Эрдэнэтогтох

ᠰᠠᠢᠬᠠᠨ ᠮᠣᠩᠭᠣᠯ ᠮᠡᠨᠳᠦ

     ᠵᠣᠬᠢᠶᠠᠭᠴᠢ ᠄  ᠶᠣ·ᠡᠷᠳᠡᠨᠢᠲᠣᠭᠲᠠᠬᠤ 
ᠰᠠᠢᠨ ᠤᠤ ᠭᠡᠵᠦ ᠮᠡᠨᠳᠦᠯᠡᠭᠰᠡᠨ ᠬᠥᠮᠦᠨ ᠲᠡᠢ 
ᠰᠠᠢᠨ᠂  ᠰᠠᠢᠨ ᠤᠤ? ᠭᠡᠵᠦ ᠵᠣᠯᠭᠠᠵᠤ ᠪᠠᠢᠭᠠᠷᠠᠢ 
ᠠᠮᠤᠷ ᠤᠤ? ᠭᠡᠵᠦ ᠠᠰᠠᠭᠤᠭᠰᠠᠨ ᠬᠥᠮᠦᠨ ᠲᠡᠢ 
ᠠᠮᠤᠷ ᠠ᠋᠂ ᠠᠮᠤᠷ ᠪᠠᠢᠨ᠎ᠠ ᠤᠤ? ᠭᠡᠵᠦ ᠮᠡᠨᠳᠦᠯᠡᠵᠦ ᠪᠠᠢᠭᠠᠷᠠᠢ 
ᠥᠨᠢ ᠡᠭᠦᠷᠢᠳᠡ᠎ᠡᠴᠡ ᠤᠯᠠᠮᠵᠢᠯᠠᠵᠤ ᠢᠷᠡᠭᠰᠡᠨ 
ᠥᠯᠵᠡᠢ ᠲᠡᠢ ᠮᠣᠩᠭᠣᠯ ᠮᠡᠨᠳᠦ ᠭᠡᠳᠡᠭ 
ᠠᠮᠠᠨ ᠤ᠋ ᠰᠠᠢᠨ ᠢᠷᠦᠭᠡᠯ ᠰᠢᠩᠭᠡᠭᠰᠡᠨ
ᠠᠰᠢᠳᠠ ᠶ᠋ᠢᠨ ᠰᠠᠢᠬᠠᠨ ᠪᠡᠯᠭᠡᠳᠡᠯ ᠰᠢᠪᠰᠢᠭᠰᠡᠨ
ᠠᠭᠤᠯᠵᠠᠨ ᠵᠣᠯᠭᠠᠬᠤ ᠶ᠋ᠢᠨ ᠬᠠᠳᠠᠭ ᠶᠤᠮ ᠰᠢᠦ
ᠤᠴᠠᠷᠠᠨ ᠲᠠᠨᠢᠯᠴᠠᠬᠤ ᠶ᠋ᠢᠨ ᠬᠥᠭᠥᠷᠭᠡ ᠶᠦᠮ ᠰᠢᠦ
ᠠᠵᠠ ᠵᠢᠷᠭᠠᠯ ᠤ᠋ᠨ ᠵᠥᠩᠨᠡᠯ ᠶᠦᠮ ᠰᠢᠦ
ᠠᠵᠠ ᠠᠮᠢᠳᠤᠷᠠᠯ ᠤ᠋ᠨ ᠥᠭᠭᠦᠭᠡᠵᠢ ᠶᠦᠮ ᠰᠢᠦ
ᠰᠠᠢᠬᠠᠨ ᠮᠡᠨᠳᠦ ᠪᠡᠨ ᠮᠡᠳᠡᠯᠴᠡᠪᠡᠯ
ᠰᠠᠨᠠᠭ᠎ᠠ ᠰᠡᠳᠬᠢᠯ ᠨᠡᠪᠲᠡᠷᠡᠳᠡᠭ ᠶᠦᠮ ᠠ᠋
ᠬᠠᠯᠠᠭᠤᠬᠠᠨ ᠮᠣᠩᠭᠣᠯ ᠮᠡᠨᠳᠦ ᠪᠡᠨ ᠮᠡᠳᠡᠯᠴᠡᠪᠡᠯ 
ᠬᠠᠯᠠᠮᠵᠢᠲᠠᠢ ᠪᠣᠳᠣᠯ ᠢᠪᠢᠯᠳᠡᠭ ᠶᠦᠮ ᠠ᠋
ᠡᠰᠡ ᠲᠠᠨᠢᠬᠤ ᠬᠥᠮᠦᠨ ᠴᠦ᠍ ᠭᠡᠰᠡᠨ 
ᠡᠯᠢᠭᠡᠨ ᠰᠠᠳᠤᠨ ᠰᠢᠭ ᠰᠠᠨᠠᠭᠳᠠᠳᠠᠭ ᠶᠤᠮ ᠠ᠋
ᠡᠶ᠎ᠡ ᠡᠪᠳᠡᠷᠡᠭᠰᠡᠨ ᠬᠥᠮᠦᠰ ᠴᠦ᠍ ᠭᠡᠰᠡᠨ 
ᠡᠷᠭᠢᠵᠦ ᠰᠡᠪ ᠦᠭᠡᠢ ᠨᠡᠢᠯᠡᠳᠡᠭ ᠶᠦᠮ ᠠ᠋
ᠬᠠᠷᠢ ᠤᠯᠤᠰ ᠤ᠋ᠨ ᠬᠥᠮᠦᠰ ᠴᠦ᠍ ᠬᠠᠮᠢᠶ᠎ᠠ ᠦᠭᠡᠢ 
ᠬᠠᠯᠠᠭᠤᠨ ᠮᠡᠨᠳᠦ ᠪᠡᠨ ᠬᠦᠷᠭᠡᠵᠦ ᠪᠠᠢᠭᠠᠷᠠᠢ
ᠥᠭᠡᠷ᠎ᠡ ᠦᠨᠳᠦᠰᠦᠲᠡᠨ ᠦ᠌ ᠨᠥᠬᠥᠳ ᠴᠦ᠍ ᠢᠯᠭᠠᠭ᠎ᠠ ᠦᠭᠡᠢ 
ᠥᠶᠥᠭ ᠲᠡᠢ ᠮᠡᠨᠳᠦ ᠪᠡᠨ ᠳᠡᠪᠰᠢᠭᠦᠯᠵᠦ ᠪᠠᠢᠭᠠᠷᠠᠢ
ᠠᠯᠤᠰ ᠤ᠋ᠨ ᠠᠨᠳᠠ ᠶ᠋ᠢᠨ ᠳᠠᠮᠵᠢᠭᠤᠯᠤᠭᠰᠠᠨ ᠮᠡᠨᠳᠦ
ᠠᠵᠢᠯ ᠤ᠋ᠨ ᠴᠢᠯᠡᠭᠡ ᠶ᠋ᠢ ᠲᠠᠢᠯᠳᠠᠭ ᠶᠤᠮ ᠠ᠋
ᠬᠣᠯᠠ ᠶ᠋ᠢᠨ ᠰᠠᠳᠤᠨ ᠤ᠋ ᠳᠠᠢᠯᠭᠠᠭᠰᠠᠨ ᠮᠡᠳᠡᠭᠡ 
ᠬᠣᠷᠸ᠎ᠠ ᠶ᠋ᠢᠨ ᠵᠠᠢ ᠶ᠋ᠢ ᠣᠢᠷᠠᠲᠤᠭᠤᠯᠳᠠᠭ ᠶᠤᠮ ᠠ᠋
ᠡᠷᠡᠭᠦᠯ ᠰᠠᠷᠠᠭᠤᠯ ᠤ᠋ᠨ ᠰᠠᠢᠨ ᠴᠢᠮᠡᠭᠡ 
ᠡᠮᠵᠡᠭᠯᠡᠭᠰᠡᠨ ᠰᠡᠳᠬᠢᠯ ᠦ᠋ᠨ ᠡᠮ ᠶᠦᠮ ᠠ᠋
ᠡᠩᠬᠡ ᠠᠮᠤᠭᠤᠯᠠᠩ ᠤ᠋ᠨ ᠰᠠᠢᠬᠠᠨ ᠮᠡᠳᠡᠭᠡ 
ᠡᠮᠢᠶᠡᠭᠰᠡᠨ ᠵᠢᠷᠦᠬᠡᠨ ᠦ᠌ ᠲᠣᠮ ᠶᠤᠮ ᠠ᠋
ᠮᠡᠨᠳᠦ ᠮᠡᠳᠡᠵᠦ ᠠᠢᠯ ᠳ᠋ᠤ᠌ ᠣᠷᠣᠬᠤ ᠳ᠋ᠤ᠌ 
ᠬᠡᠢᠮᠣᠷᠢ ᠵᠣᠯᠪᠣᠭ᠎ᠠ ᠰᠡᠷᠭᠦᠳᠡᠭ ᠶᠦᠮ ᠠ᠋
ᠬᠠᠷᠢᠭᠤ ᠮᠡᠨᠳᠦ ᠬᠦᠷᠭᠡᠨ ᠤᠭᠲᠤᠬᠤ ᠳ᠋ᠤ᠌ 
ᠬᠡᠰᠢᠭ ᠪᠤᠶᠠᠨ ᠨᠡᠮᠡᠭᠳᠡᠳᠡᠭ ᠶᠦᠮ
ᠰᠠᠢᠬᠠᠨ ᠮᠣᠩᠭᠣᠯ ᠮᠡᠨᠳᠦ ᠭᠡᠳᠡᠭ ᠰᠠᠨᠠᠭᠠᠨ ᠤ᠋ ᠰᠦ ᠲᠡᠢ ᠴᠠᠢ ᠶᠤᠮ
ᠰᠠᠢᠬᠠᠨ ᠮᠣᠩᠭᠣᠯ ᠮᠡᠨᠳᠦ ᠭᠡᠳᠡᠭ ᠰᠠᠢᠨ ᠤ᠋ ᠢᠷᠦᠭᠡᠯ ᠲᠡᠢ ᠰᠠᠷᠬᠤᠳ ᠶᠤᠮ
ᠰᠠᠢᠨ ᠤᠤ ᠭᠡᠵᠦ ᠮᠡᠨᠳᠦᠯᠡᠭᠰᠡᠨ ᠬᠥᠮᠦᠨ ᠲᠡᠢ
ᠰᠠᠢᠨ᠂  ᠰᠠᠢᠨ ᠤᠤ? ᠭᠡᠵᠦ ᠵᠣᠯᠭᠠᠵᠤ  ᠪᠠᠢᠭᠠᠷᠠᠢ
ᠠᠮᠤᠷ ᠤᠤ? ᠭᠡᠵᠦ ᠠᠰᠠᠭᠤᠭᠰᠠᠨ ᠬᠥᠮᠦᠨ ᠲᠡᠢ 
ᠠᠮᠤᠷ ᠠ᠋᠂ ᠠᠮᠤᠷ ᠪᠠᠢᠨ᠎ᠠ ᠤᠤ? ᠭᠡᠵᠦ ᠮᠡᠨᠳᠦᠯᠡᠵᠦ ᠪᠠᠢᠭᠠᠷᠠᠢ
ᠥᠭᠭᠦᠭᠡᠴᠢ ᠰᠠᠢᠲᠠᠢ ᠮᠣᠩᠭᠣᠯ ᠮᠡᠨᠳᠦ ᠪᠡᠷ ᠢ᠋ᠶ᠋ᠡᠨ  
ᠥᠨᠢᠳᠡ ᠪᠢᠳᠡ ᠪᠠᠬᠠᠷᠬᠠᠵᠤ ᠶᠠᠪᠤᠶ᠎ᠠ
ᠥᠯᠵᠡᠢ ᠪᠡᠯᠭᠡ ᠲᠡᠢ ᠮᠣᠩᠭᠣᠯ ᠮᠡᠨᠳᠦ ᠪᠡᠷ ᠢ᠋ᠶ᠋ᠡᠨ 
ᠥᠷᠭᠡᠨ ᠳᠡᠯᠡᠬᠡᠢ ᠪᠡᠨ ᠪᠠᠶᠠᠰᠬᠠᠵᠤ ᠪᠠᠢᠶ᠎ᠠ᠃
  ᠢᠷᠡᠯᠲᠡ᠄ ᠰᠦᠯᠵᠢᠶᠡᠨ ᠡᠴᠡ ᠰᠣᠩᠭᠣᠪᠠ᠃
  ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
  ᠬᠢᠨᠠᠯᠲᠠ᠄ᠠᠯᠲᠠᠨᠴᠡᠴᠡᠭ ᠡᠷᠳᠡᠨᠢᠪᠢᠯᠢᠭ