ᠬᠥᠯᠥᠨ ᠪᠤᠢᠷ ᠲᠤ ᠮᠢᠨᠢ ᠢᠷᠡᠭᠡᠷᠡᠢ - ᠠᠮᠤᠷᠵᠢᠷᠭᠠᠯ᠂ ᠤᠷᠲᠣᠨᠠᠰᠤᠨ Хөлөн буйрт минь ирээрэй-Амаржаргал,Уртнасан
ᠬᠥᠯᠥᠨ ᠪᠤᠢᠷ ᠲᠤ ᠮᠢᠨᠢ ᠢᠷᠡᠭᠡᠷᠡᠢ
ᠦᠭᠡ᠄ ᠪᠢ᠊ ᠮᠢᠭᠮᠡᠷ
ᠠᠶ᠎ᠠ᠄ ᠤᠷᠲᠣᠨᠠᠰᠤᠨ
ᠳᠠᠭᠤᠴᠢᠨ᠄ ᠠᠮᠤᠷᠵᠢᠷᠭᠠᠯ᠂ ᠤᠷᠲᠣᠨᠠᠰᠤᠨ
ᠬᠥᠯᠥᠨ ᠪᠤᠢᠷ ᠲᠤ ᠮᠢᠨᠢ ᠡᠪᠦᠯ ᠪᠣᠯᠵᠠᠢ
ᠬᠦᠢᠲᠡᠨ ᠢ᠋ ᠠᠮᠵᠢᠵᠤ ᠬᠦᠷᠦᠭᠡᠳ ᠢᠷᠡᠭᠡᠷᠡᠢ
ᠬᠦᠰᠡᠯ ᠬᠦᠰᠡᠯ ᠳ᠋ᠡᠭᠡᠨ ᠲᠡᠮᠡᠦᠯᠦᠭᠰᠡᠨ
ᠬᠥᠮᠦᠨ ᠦ᠌ ᠰᠠᠢᠨ ᠲᠠᠢ ᠤᠴᠠᠷᠠᠨ ᠵᠣᠯᠭᠠᠭᠠᠷᠠᠢ
ᠮᠥᠩᠭᠥᠨ ᠮᠥᠩᠭᠥᠨ ᠮᠥᠩᠭᠥᠨ ᠴᠠᠭᠠᠨ
ᠬᠥᠯᠥᠨ ᠪᠤᠢᠷ ᠲᠤ ᠮᠢᠨᠢ
ᠮᠣᠷᠢᠯᠠᠨ ᠮᠣᠷᠢᠯᠠᠨ ᠮᠣᠷᠢᠯᠠᠨ ᠰᠠᠭᠠᠲᠠᠵᠤ
ᠬᠦᠷᠦᠭᠡᠳ ᠢᠷᠡᠭᠡᠷᠡᠢ
ᠮᠡᠨᠳᠦ ᠠᠮᠤᠷ ᠤ᠋ᠨ ᠴᠡᠩᠬᠡᠷ ᠬᠠᠳᠠᠭ ᠢ᠋ᠶ᠋ᠠᠨ ᠲᠣᠰᠣᠨ ᠵᠣᠯᠭᠠᠭᠠᠳ
ᠮᠠᠨ ᠤ᠋ ᠨᠤᠲᠤᠭ ᠢ᠋ᠶ᠋ᠠᠷ ᠠᠢᠯᠴᠢᠯᠠᠨ ᠠᠢᠯᠴᠢᠯᠠᠨ ᠪᠠᠭᠤᠭᠠᠷᠠᠢ
ᠰᠠᠢᠬᠠᠨ ᠨᠤᠲᠤᠭ ᠲᠤ ᠮᠢᠨᠢ ᠡᠪᠦᠯ ᠢᠷᠡᠵᠡᠢ
ᠴᠠᠰᠤᠨ ᠢᠶᠠᠷ ᠴᠡᠴᠡᠭᠯᠡᠵᠦ ᠬᠦᠷᠦᠭᠡᠳ ᠢᠷᠡᠭᠡᠷᠡᠢ
ᠰᠠᠮ ᠰᠡᠮᠬᠡᠨ ᠬᠠᠢᠷ᠎ᠠ ᠪᠠᠷ ᠮᠦᠰᠢᠶᠡᠭᠰᠡᠨ
ᠰᠡᠳᠬᠢᠯ ᠦ᠋ᠨ ᠭᠣᠶᠣᠬᠠᠨ ᠳ᠋ᠤ᠌ ᠪᠠᠶᠠᠷᠯᠠᠨ ᠳᠠᠭᠤᠯᠠᠭᠠᠷᠠᠢ
ᠠᠮᠤᠭᠤᠯᠠᠩ ᠨᠤᠲᠤᠭ ᠲᠤ ᠮᠢᠨᠢ ᠡᠪᠦᠯ ᠰᠠᠭᠠᠲᠠᠵᠠᠢ
ᠠᠶᠠᠯᠤᠨ ᠳᠠᠭᠤᠯᠠᠵᠤ ᠬᠦᠷᠦᠭᠡᠳ ᠢᠷᠡᠭᠡᠷᠡᠢ
ᠠᠷᠢᠭᠤᠨ ᠦᠢᠯᠡᠰ ᠢ᠋ᠶ᠋ᠡᠨ ᠡᠷᠭᠦᠨ ᠳᠡᠭᠡᠳᠦᠯᠡᠭᠰᠡᠨ
ᠠᠰᠢᠳᠠ ᠶ᠋ᠢᠨ ᠰᠠᠢᠬᠠᠨ ᠢ᠋ ᠡᠪᠦᠷᠯᠡᠭᠡᠳ ᠮᠣᠷᠳᠠᠭᠠᠷᠠᠢ
ᠦᠰᠦᠭ ᠠᠮᠢᠯᠠᠭᠤᠯᠤᠭᠴᠢ᠄ ᠬᠦᠳᠡᠷᠪᠣᠯᠤᠳ
ᠦᠰᠦᠭ ᠬᠠᠲᠠᠭᠴᠢ᠄ ᠬᠦᠳᠡᠷᠪᠣᠯᠣᠳ
ᠬᠢᠨᠠᠭᠴᠢ᠄ ᠣᠳᠬᠠᠨᠰᠣ᠎ᠠ
