ᠪᠦᠰᠡᠭᠦᠢ ᠶᠢᠨ ᠳᠠᠭᠤᠤ- ᠪ ∙ ᠮᠠᠷᠠᠯᠵᠢᠨᠭᠣᠸ᠎ᠠ Бүсгүйн дуу - Дуучин Б.Маралжингоо ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠰᠡᠭᠦᠢ ᠶᠢᠨ ᠳᠠᠭᠤᠤ- ᠪ ∙ ᠮᠠᠷᠠᠯᠵᠢᠨᠭᠣᠸ᠎ᠠ Бүсгүйн дуу - Дуучин Б.Маралжингоо

ᠪᠦᠰᠡᠭᠦᠢ ᠶᠢᠨ ᠳᠠᠭᠤᠤ- ᠪ ∙ ᠮᠠᠷᠠᠯᠵᠢᠨᠭᠣᠸ᠎ᠠ Бүсгүйн дуу - Дуучин Б.Маралжингоо

ᠠᠩᠭᠢᠯᠠᠯ:ᠳᠠᠭᠤᠤ ᠬᠥᠭᠵᠢᠮ
2024-12-17

722

ᠪᠦᠰᠡᠭᠦᠢ ᠶᠢᠨ ᠳᠠᠭᠤᠤ


   ᠦᠭᠡ᠂ ᠠᠶ᠎ᠠ᠄ ᠳ• ᠥᠯᠵᠡᠢᠣ᠋ᠷᠤᠰᠢᠬᠤ 
   ᠳᠠᠭᠤᠴᠢᠨ᠄ ᠮᠠᠯᠵᠠᠩᠭᠣᠸ᠎ᠠ 

ᠵᠥᠭᠡᠯᠡᠨ ᠰᠢᠪᠡᠷᠡᠬᠦ ᠪᠣᠷᠣᠭᠠᠨ ᠳᠤᠮᠳᠠ 
ᠨᠢᠯᠪᠤᠰᠤ ᠪᠠᠨ ᠨᠢᠭᠤᠵᠤ ᠤᠬᠢᠯᠠᠭᠰᠠᠨ ᠪᠦᠰᠡᠭᠦᠢ ᠴᠢᠨᠢ ᠪᠢ 
ᠵᠥᠪᠬᠡᠨ ᠴᠢᠮ᠎ᠠ ᠠ᠋ᠴᠠ ᠪᠠᠨ ᠬᠠᠢᠷ᠎ᠠ ᠭᠤᠶᠤᠵᠤ 
ᠵᠢᠷᠦᠬᠡᠨ ᠳ᠋ᠦ᠍ ᠪᠡᠨ ᠭᠤᠨᠢᠭᠰᠠᠨ ᠪᠦᠰᠡᠭᠦᠢ ᠴᠢᠨᠢ ᠪᠢ ᠪᠠᠢᠨ᠎ᠠ᠃

ᠡᠭᠦᠷᠢᠳᠡ ᠴᠢᠮ᠎ᠠ ᠳ᠋ᠤ᠌ ᠪᠠᠨ ᠢᠲᠡᠭᠡᠬᠦ ᠶ᠋ᠢ ᠬᠦᠰᠡᠭᠰᠡᠨ ᠭᠡᠨᠡᠨ ᠪᠦᠰᠡᠭᠦᠢ ᠴᠢᠨᠢ ᠪᠢ 
ᠦᠷᠭᠦᠯᠵᠢ ᠴᠢᠨᠦ ᠲᠥᠯᠥᠭᠡ ᠠᠮᠢᠳᠤᠷᠠᠵᠤ ᠪᠠᠢᠭᠰᠠᠨ ᠪᠦᠰᠡᠭᠦᠢ ᠴᠢᠨᠢ ᠪᠢ ᠪᠠᠢᠨ᠎ᠠ
ᠴᠢᠨᠦ ᠲᠥᠯᠥᠭᠡ ᠵᠣᠷᠢᠭᠤᠯᠤᠭᠰᠠᠨ ᠮᠢᠨᠦ ᠯᠡ ᠬᠠᠢᠷ᠎ᠠ
ᠴᠢᠮᠡᠭᠡ ᠦᠭᠡᠢᠬᠡᠨ ᠨᠢᠰᠦᠭᠡᠳ ᠣᠳᠬᠤ ᠦᠭᠡᠢ᠃
ᠴᠢᠨᠦ ᠲᠥᠯᠥᠭᠡ ᠠᠮᠢᠳᠤᠷᠠᠭᠰᠠᠨ ᠬᠠᠢᠷ᠎ᠠ
ᠴᠢᠮᠡᠭᠡ ᠦᠭᠡᠢ ᠵᠢᠷᠦᠬᠡᠨ ᠳ᠋ᠦ᠍ ᠮᠢᠨᠢ ᠡᠭᠦᠷᠢᠳᠡ ᠦᠯᠡᠳᠡᠨ᠎ᠡ᠃

ᠵᠥᠭᠡᠯᠡᠨ ᠦᠭᠡᠰ ᠢ᠋ᠶ᠋ᠡᠷ ᠠᠷᠭᠠᠳᠠᠭᠤᠯᠤᠶ᠎ᠠ ᠭᠡᠵᠦ
ᠵᠥᠷᠢᠭᠦᠳᠯᠡᠵᠦ ᠲᠤᠨᠢᠭᠰᠠᠨ ᠪᠦᠰᠡᠭᠦᠢ ᠴᠢᠨᠢ ᠪᠢ
ᠵᠥᠪᠬᠡᠨ ᠴᠢᠮ᠎ᠠ ᠲᠠᠢ ᠬᠠᠮᠲᠤ ᠪᠠᠢᠬᠤ ᠭᠡᠳ
ᠵᠡᠭᠦᠳᠦᠯᠡᠵᠦ ᠬᠦᠯᠢᠶᠡᠭᠰᠡᠨ ᠪᠦᠰᠡᠭᠦᠢ ᠴᠢᠨᠢ ᠪᠢ ᠪᠠᠢᠨ᠎ᠠ᠃
ᠬᠡᠵᠢᠶ᠎ᠡ ᠴᠦ᠍ ᠡᠳ᠋ᠯᠡᠭᠡ ᠦᠭᠡᠢ ᠵᠢᠷᠭᠠᠯ ᠢ᠋ ᠬᠠᠢᠭᠰᠠᠨ ᠠᠵᠠ ᠦᠭᠡᠢ ᠪᠦᠰᠡᠭᠦᠢ ᠴᠢᠨᠢ ᠪᠢ
ᠬᠡᠵᠢᠶ᠎ᠡ ᠴᠦ᠍ ᠳᠠᠭᠤᠰᠬᠤ ᠦᠭᠡᠢ ᠬᠠᠢᠷ᠎ᠠ ᠶ᠋ᠢ ᠬᠦᠰᠡᠭᠰᠡᠨ ᠪᠦᠰᠡᠭᠦᠢ ᠴᠢᠨᠢ ᠪᠢ ᠪᠠᠢᠨ᠎ᠠ
ᠴᠢᠨᠦ ᠲᠥᠯᠥᠭᠡ ᠵᠣᠷᠢᠭᠤᠯᠤᠭᠰᠠᠨ ᠮᠢᠨᠦ ᠯᠡ ᠬᠠᠢᠷ᠎ᠠ
ᠴᠢᠮᠡᠭᠡ ᠦᠭᠡᠢᠬᠡᠨ ᠨᠢᠰᠦᠭᠡᠳ ᠣᠳᠬᠤ ᠦᠭᠡᠢ
ᠴᠢᠨᠦ ᠲᠥᠯᠥᠭᠡ ᠠᠮᠢᠳᠤᠷᠠᠭᠰᠠᠨ ᠬᠠᠢᠷ᠎ᠠ
ᠴᠢᠮᠡᠭᠡ ᠦᠭᠡᠢ ᠵᠢᠷᠦᠬᠡᠨ ᠳ᠋ᠦ᠍ ᠮᠢᠨᠢ ᠡᠭᠦᠷᠢᠳᠡ ᠦᠯᠡᠳᠡᠨ᠎ᠡ᠃

ᠬᠡᠵᠢᠶ᠎ᠡ ᠴᠦ᠍ ᠡᠳ᠋ᠯᠡᠭᠡ ᠦᠭᠡᠢ ᠵᠢᠷᠭᠠᠯ ᠢ᠋ ᠬᠠᠢᠭᠰᠠᠨ ᠠᠵᠠ ᠦᠭᠡᠢ ᠪᠦᠰᠡᠭᠦᠢ ᠴᠢᠨᠢ ᠪᠢ
ᠬᠡᠵᠢᠶ᠎ᠡ ᠴᠦ᠍ ᠳᠠᠭᠤᠰᠬᠤ ᠦᠭᠡᠢ ᠬᠠᠢᠷ᠎ᠠ ᠶ᠋ᠢ ᠬᠦᠰᠡᠭᠰᠡᠨ ᠪᠦᠰᠡᠭᠦᠢ ᠴᠢᠨᠢ ᠪᠢ ᠪᠠᠢᠨ᠎ᠠ
ᠴᠢᠨᠦ ᠲᠥᠯᠥᠭᠡ ᠵᠣᠷᠢᠭᠤᠯᠤᠭᠰᠠᠨ ᠮᠢᠨᠦ ᠯᠡ ᠬᠠᠢᠷ᠎ᠠ
ᠴᠢᠮᠡᠭᠡ ᠦᠭᠡᠢᠬᠡᠨ ᠨᠢᠰᠦᠭᠡᠳ ᠣᠳᠬᠤ ᠦᠭᠡᠢ
ᠴᠢᠨᠦ ᠲᠥᠯᠥᠭᠡ ᠠᠮᠢᠳᠤᠷᠠᠭᠰᠠᠨ ᠬᠠᠢᠷ᠎ᠠ
ᠴᠢᠮᠡᠭᠡ ᠦᠭᠡᠢ ᠵᠢᠷᠦᠬᠡᠨ ᠳ᠋ᠦ᠍ ᠮᠢᠨᠢ ᠡᠭᠦᠷᠢᠳᠡ ᠦᠯᠡᠳᠡᠨ᠎ᠡ
ᠴᠢᠨᠦ ᠲᠥᠯᠥᠭᠡ ᠠᠮᠢᠳᠤᠷᠠᠭᠰᠠᠨ ᠬᠠᠢᠷ᠎ᠠ
ᠴᠢᠮᠡᠭᠡ ᠦᠭᠡᠢ ᠵᠢᠷᠦᠬᠡᠨ ᠳ᠋ᠦ᠍ ᠮᠢᠨᠢ ᠡᠭᠦᠷᠢᠳᠡ ᠦᠯᠡᠳᠡᠨ᠎ᠡ᠃

   ᠦᠰᠦᠭ ᠬᠠᠳᠠᠭᠴᠢ᠄ ᠵᠢᠷᠠᠨᠲᠠᠢ
   ᠦᠰᠦᠭ ᠠᠮᠢᠯᠠᠭᠤᠯᠤᠭᠴᠢ᠄ ᠤᠤᠭᠠᠨᠵᠢᠳ
   ᠬᠢᠨᠠᠭᠴᠢ᠄ ᠮᠡᠷᠭᠡᠨᠪᠢᠯᠢᠭ