ᠪᠡᠶᠡᠯᠡᠭᠡ ᠪᠦᠵᠢᠭБиелгээ бүжгBIYELGEE FLASH MOB
ᠪᠡᠶᠡᠯᠡᠭᠡ ᠪᠥᠵᠢᠭ ᠦ᠋ᠨ ᠲᠤᠬᠠᠢ
ᠪᠡᠶᠡᠯᠡᠭᠡ ᠪᠤᠶᠤ ᠪᠣᠢ ᠨᠢ ᠨᠡᠭᠦᠳᠡᠯᠴᠢᠳ ᠦ᠋ᠨ ᠠᠬᠤᠢ ᠠ᠋ᠴᠠ ᠡᠭᠦᠰᠦᠭᠰᠡᠨ ᠥᠪᠡᠷᠮᠢᠴᠡ ᠪᠥᠵᠢᠭ ᠦ᠋ᠨ ᠲᠥᠷᠥᠯ ᠶᠦᠮ᠃ ᠮᠣᠩᠭᠣᠯ ᠤ᠋ᠨ ᠶᠠᠩᠵᠤ ᠪᠦᠷᠢ ᠶ᠋ᠢᠨ ᠦᠨᠳᠦᠰᠦᠲᠡᠨ ᠶᠠᠰᠤᠲᠠᠨ ᠠᠮᠢᠳᠤᠷᠠᠳᠠᠭ ᠪᠠᠷᠤᠭ ᠪᠦᠬᠦ ᠪᠦᠰᠡ ᠨᠤᠲᠤᠭ ᠪᠠᠶᠠᠯᠢᠭ ᠭᠡᠰᠡᠨ ᠥᠪᠡᠷᠮᠢᠴᠡ ᠬᠡᠯᠪᠡᠷᠢ ᠲᠡᠢ ᠪᠠᠢᠳᠠᠭ᠃ ᠢᠯᠠᠩᠭᠤᠶ᠎ᠠ ᠪᠠᠷᠠᠭᠤᠨ ᠮᠣᠩᠭᠣᠯᠴᠤᠳ ᠤ᠋ᠨ ᠪᠡᠶᠡᠯᠡᠭᠡ ᠪᠥᠵᠢᠭ ᠢ᠋ᠶ᠋ᠡᠷ ᠢ᠋ᠶ᠋ᠡᠨ ᠠᠯᠳᠠᠷᠲᠠᠢ᠃
ᠪᠡᠶᠡᠯᠡᠭᠡ ᠪᠥᠵᠢᠭ
ᠠᠷᠰᠯᠠᠨ ᠢᠷᠠᠪᠠᠰᠤ ᠠᠯᠠᠯᠳᠤᠨ ᠣᠷᠣᠯᠳᠣᠶ᠎ᠠ
ᠪᠠᠷᠰ ᠢᠷᠡᠪᠡᠰᠦ ᠪᠠᠢᠯᠳᠤᠨ ᠣᠷᠣᠯᠳᠣᠶ᠎ᠠ
ᠵᠠᠭᠠᠨ ᠢᠷᠡᠪᠡᠰᠦ ᠵᠠᠵᠢᠯᠳᠤᠨ ᠣᠷᠣᠯᠳᠣᠶ᠎ᠠ
ᠬᠥᠮᠦᠨ ᠢᠷᠡᠪᠡᠰᠦ ᠬᠦᠴᠦᠷᠬᠡᠨ ᠣᠷᠣᠯᠳᠣᠶ᠎ᠠ
ᠪᠢᠳᠡ ᠠᠷᠰᠯᠠᠨ ᠢᠷᠡᠪᠡᠰᠦ ᠠᠯᠠᠯᠳᠤᠨ ᠣᠷᠣᠯᠳᠣᠶ᠎ᠠ
ᠪᠠᠷᠰ ᠢᠷᠡᠪᠡᠰᠦ ᠪᠠᠢᠯᠳᠤᠨ ᠣᠷᠣᠯᠳᠣᠶ᠎ᠠ
ᠵᠠᠭᠠᠨ ᠢᠷᠠᠪᠠᠰᠤ ᠵᠠᠵᠢᠯᠳᠤᠨ ᠣᠷᠣᠯᠳᠣᠶ᠎ᠠ
ᠬᠥᠮᠦᠨ ᠢᠷᠡᠪᠡᠰᠦ ᠬᠦᠴᠦᠷᠬᠡᠨ ᠣᠷᠣᠯᠳᠣᠶ᠎ᠠ
ᠬᠠᠳᠬᠤᠭᠴᠢ ᠡᠷᠢᠶᠡᠨ ᠮᠣᠭᠠᠢ ᠪᠣᠯᠬᠤ ᠪᠣᠯ
ᠬᠠᠨ ᠭᠠᠷᠤᠳᠢ ᠪᠣᠯᠤᠨ ᠳᠡᠭᠡᠭᠦᠷ ᠨᠢ ᠳᠡᠭᠦᠯᠢᠨ᠎ᠡ
ᠬᠦᠷᠬᠢᠷᠡᠬᠦ ᠡᠷᠢᠶᠡᠨ ᠪᠠᠷᠰ ᠪᠣᠯᠬᠤ ᠪᠣᠯ
ᠬᠥᠬᠡ ᠵᠣᠭᠳᠣᠷᠲᠤ᠋ ᠠᠷᠰᠯᠠᠨ ᠪᠣᠯᠤᠶ᠎ᠠ
ᠦᠲᠦᠭᠡᠳ ᠢᠷᠠᠪᠠᠰᠤ ᠥᠷᠢᠰᠦᠯᠳᠦᠨ ᠲᠡᠮᠡᠴᠡᠶ᠎ᠡ
ᠠᠷᠪᠠᠲᠤ ᠪᠣᠯᠤᠨ ᠠᠶᠤᠩᠭᠠᠯᠠᠨ ᠨᠢᠷᠭᠡᠶᠡ
ᠵᠠᠭᠤᠲᠤ ᠪᠣᠯᠤᠨ ᠵᠢᠷᠦᠬᠡᠨ ᠳ᠋ᠦ᠍ ᠨᠢ ᠨᠢᠷᠭᠡᠶᠡ
ᠮᠢᠩᠭᠠᠲᠤ ᠪᠣᠯᠤᠨ ᠮᠥᠷᠭᠥᠯᠳᠦᠨ ᠨᠢᠷᠭᠡᠶᠡ
ᠲᠦᠮᠡᠲᠦ ᠪᠣᠯᠤᠨ ᠲᠩᠷᠢ ᠪᠡᠷ ᠨᠢᠷᠭᠡᠶᠡ
ᠦᠶᠡᠷᠯᠡᠨ ᠢᠷᠠᠪᠠᠰᠤ ᠦᠬᠦᠯᠳᠦᠨ ᠦᠵᠡᠯᠴᠡᠶ᠎ᠡ
ᠨᠥᠮᠥᠷᠦᠨ ᠢᠷᠡᠪᠡᠰᠦ ᠨᠦᠳᠦᠯᠳᠦᠨ ᠣᠷᠣᠯᠳᠣᠶ᠎ᠠ
ᠨᠢᠰᠤᠯᠳᠤᠨ ᠢᠷᠡᠪᠡᠰᠦ ᠬᠠᠷᠪᠤᠯᠳᠤᠨ ᠤᠨᠠᠭᠠᠶ᠎ᠠ
ᠴᠠᠬᠢᠯᠤᠨ ᠢᠷᠡᠪᠡᠰᠦ ᠴᠠᠪᠴᠢᠯᠳᠤᠨ ᠲᠡᠮᠡᠴᠡᠶ᠎ᠡ
ᠱᠣᠩᠬᠣᠷ ᠤ᠋ᠨ ᠬᠤᠷᠳᠤ ᠪᠠᠷ ᠬᠤᠷᠴᠠᠯᠠᠨ ᠳᠠᠪᠰᠢᠶᠠ
ᠴᠢᠨᠣ᠎ᠠ ᠶ᠋ᠢᠨ ᠵᠣᠷᠢᠭ ᠢ᠋ᠶ᠋ᠠᠷ ᠠᠰᠠᠨ ᠳᠦᠷᠡᠯᠵᠡᠶᠡ
ᠲᠡᠩᠬᠡᠭᠡᠲᠦ ᠮᠣᠷᠢᠳ ᠤ᠋ᠨ ᠲᠤᠭᠤᠷᠠᠢ ᠪᠠᠷ ᠨᠥᠷᠢᠶᠡ
ᠲᠠᠮᠠᠭᠠᠲᠤ ᠴᠢᠩᠭᠢᠰ ᠦ᠋ᠨ ᠤᠬᠠᠭᠠᠨ ᠢ᠋ᠶ᠋ᠠᠷ ᠳᠠᠷᠤᠶ᠎ᠠ
ᠤᠤᠬᠠᠢ ᠤᠤᠬᠠᠢ ᠤᠤᠬᠠᠢ
