ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ –5 Нэгэн ном тавцан үн өдөр үн тэмдэглэлээс –5
ᠠᠩᠭ᠌ᠯᠢ ᠶ᠋ᠢᠨ 53 ᠳ᠋ᠤᠭᠠᠷ ᠲᠡᠷᠢᠭᠦᠨ ᠰᠠᠢᠳ ᠺᠠᠮᠸᠷᠤᠨ ᠳᠤᠮᠳᠠᠳᠤ ᠰᠤᠷᠭᠠᠭᠤᠯᠢ ᠳ᠋ᠤ᠌ ᠰᠤᠷᠤᠯᠴᠠᠵᠤ ᠪᠠᠢᠬᠤ ᠳ᠋ᠤ᠌ ᠪᠠᠨ ᠨᠢᠭᠡ ᠡᠳᠦᠷ ᠦᠳᠡ ᠶ᠋ᠢᠨ ᠬᠣᠭᠣᠯᠠᠨ ᠤ᠋ ᠳᠠᠷᠠᠭ᠎ᠠ ᠭᠤᠷᠪᠠᠨ ᠬᠠᠮᠲᠤ ᠰᠤᠷᠤᠭᠴᠢ ᠲᠠᠢ ᠪᠠᠨ ᠰᠤᠷᠭᠠᠭᠤᠯᠢ ᠶ᠋ᠢᠨ ᠬᠦᠷᠢᠶᠡᠨ ᠦ᠌ ᠭᠠᠳᠠᠨ᠎ᠠ ᠭᠠᠷᠴᠤ ᠨᠠᠭᠠᠳᠤᠭᠠᠳ ᠬᠢᠴᠢᠶᠡᠯ ᠣᠷᠣᠬᠤ ᠪᠠᠨ ᠮᠠᠷᠲᠠᠵᠤ ᠴᠢᠬᠤᠯᠠ ᠰᠢᠯᠭᠠᠯᠲᠠ ᠠ᠋ᠴᠠ ᠨᠢᠭᠡ ᠴᠠᠭ ᠬᠣᠵᠢᠮᠳᠠᠵᠠᠢ᠃
ᠲᠡᠷᠡ ᠠᠩᠭᠢ ᠶ᠋ᠢᠨ ᠭᠡᠷ ᠦ᠋ᠨ ᠡᠭᠦᠳᠡᠨ ᠳ᠋ᠦ᠍ ᠵᠣᠭᠰᠣᠭᠠᠳ᠄《ᠪᠠᠭᠰᠢ ᠠ᠋᠂ ᠠᠭᠤᠴᠢᠯᠠᠭᠠᠷᠠᠢ! ᠮᠠᠨᠤᠰ ᠵᠣᠷᠢᠭᠤᠳᠠ ᠬᠣᠴᠣᠷᠴᠤ ᠢᠷᠡᠭᠰᠡᠨ ᠪᠢᠰᠢ᠂ ᠮᠢᠨᠦ ᠲᠡᠷᠭᠡᠨ ᠦ᠌ ᠬᠦᠷᠳᠦ ᠬᠠᠭᠠᠷᠠᠭᠠᠳ ᠴᠠᠭ ᠢ᠋ ᠰᠠᠭᠠᠲᠠᠭᠠᠴᠢᠬᠠᠯᠠ》 ᠭᠡᠵᠦ ᠬᠡᠯᠡᠭᠡᠳ ᠬᠠᠵᠠᠭᠤ ᠳ᠋ᠠᠬᠢ ᠭᠤᠷᠪᠠ ᠳ᠋ᠤ᠌ ᠪᠠᠨ ᠨᠢᠳᠦ ᠵᠠᠷᠤᠪᠠ᠃ ᠲᠡᠷᠡ ᠬᠡᠳᠦ ᠨᠢ ᠴᠦ᠍ ᠲᠡᠭᠦᠨ ᠦ᠌ ᠡᠮᠦᠨ᠎ᠡ ᠡᠴᠡ ᠲᠣᠯᠣᠭᠠᠢ ᠳᠣᠬᠢᠵᠤ ᠲᠡᠭᠦᠨ ᠦ᠌ ᠬᠡᠯᠡᠭᠰᠡᠨ ᠢ᠋ ᠭᠡᠷᠡᠴᠢᠯᠡᠵᠦ ᠪᠠᠢᠯ᠎ᠠ᠃ ᠪᠠᠭᠰᠢ ᠨᠢ᠄ 《ᠬᠠᠮᠢᠭ᠎ᠠ ᠦᠭᠡᠢ᠂ ᠬᠡᠦᠬᠡᠳ ᠦ᠋ᠳ ᠠ᠋! ᠪᠢ ᠲᠠᠨᠤᠰ ᠲᠤ ᠨᠥᠬᠥᠵᠦ ᠰᠢᠯᠭᠠᠬᠤ ᠵᠠᠪᠰᠢᠶᠠᠨ ᠥᠭᠭᠦᠶ᠎ᠡ》 ᠭᠡᠳ ᠲᠡᠷᠡ ᠳᠥᠷᠪᠡᠭᠦᠯᠡ ᠶ᠋ᠢ ᠠᠩᠭᠢ ᠶ᠋ᠢᠨ ᠭᠡᠷ ᠦ᠋ᠨ ᠳᠥᠷᠪᠡᠨ ᠥᠨᠴᠥᠭ ᠲᠦ᠍ ᠰᠠᠭᠤᠯᠭᠠᠵᠤ᠄《ᠲᠠᠨᠤᠰ ᠶᠡᠬᠡ ᠠᠵᠠ ᠲᠠᠢ᠂ ᠨᠢᠭᠡ ᠯᠡ ᠰᠡᠳᠦᠪ ᠬᠠᠷᠢᠭᠤᠯᠪᠠᠯ ᠪᠣᠯᠴᠢᠬᠠᠬᠤ ᠮᠥᠷᠲᠡᠭᠡᠨ ᠰᠡᠳᠦᠪ ᠨᠢ ᠴᠦ᠍ ᠮᠠᠰᠢ ᠠᠮᠠᠷᠬᠠᠨ》 ᠭᠡᠵᠡᠢ᠃
ᠲᠡᠳᠡ ᠮᠠᠨ ᠤ᠋ ᠪᠠᠭᠰᠢ ᠡᠢᠮᠦ ᠠᠮᠠᠷᠬᠠᠨ ᠮᠠᠨ ᠳ᠋ᠤ᠌ ᠬᠠᠭᠤᠷᠲᠠᠭᠳᠠᠭᠰᠠᠨ ᠪᠠᠢᠨ᠎ᠠ ᠭᠡᠵᠦ ᠰᠠᠮ ᠪᠠᠶᠠᠷᠯᠠᠵᠤ ᠪᠠᠢᠯ᠎ᠠ᠃《ᠲᠡᠷᠭᠡᠨ ᠦ᠌ ᠠᠯᠢ ᠬᠦᠷᠳᠦ ᠨᠢ ᠳᠡᠯᠪᠡᠷᠡᠭᠰᠡᠨ ᠪᠣᠢ?》ᠭᠡᠬᠦ ᠰᠢᠯᠭᠠᠯᠲᠠ ᠶ᠋ᠢᠨ ᠰᠡᠳᠦᠪ ᠢ᠋ ᠬᠠᠷᠠᠬᠤ ᠲᠠᠢ ᠵᠡᠷᠭᠡ ᠮᠡᠯᠡᠷᠡᠴᠢᠬᠡᠪᠡ᠃
《ᠡᠨᠡ ᠰᠢᠯᠭᠠᠯᠲᠠ ᠨᠠᠳᠠ ᠳ᠋ᠤ᠌ ᠬᠡᠵᠢᠶᠡᠳᠡ ᠮᠠᠷᠲᠠᠭᠳᠠᠰᠢ ᠦᠭᠡᠢ ᠰᠠᠭᠤᠭᠳᠠᠯ ᠥᠭᠴᠡᠢ᠃ ᠮᠠᠰᠢ ᠠᠮᠠᠷᠬᠠᠨ ᠰᠡᠳᠦᠪ ᠪᠠᠢᠲᠠᠯ᠎ᠠ ᠪᠢ ᠲᠡᠭ ᠬᠤᠪᠢ ᠣᠯᠵᠠᠢ》᠃
ᠣᠯᠠᠨ ᠵᠢᠯ ᠦ᠋ᠨ ᠳᠠᠷᠠᠭ᠎ᠠ ᠡᠨᠡ ᠤᠴᠢᠷ ᠢ᠋ ᠳᠠᠬᠢᠨ ᠳᠤᠷᠠᠳᠬᠤ ᠳ᠋ᠤ᠌ ᠪᠠᠨ《ᠪᠠᠭᠰᠢ ᠨᠢᠭᠡᠨ ᠮᠠᠰᠢ ᠠᠮᠠᠷᠬᠠᠨ ᠰᠡᠳᠦᠪ ᠢ᠋ᠶ᠋ᠡᠷ ᠮᠠᠨᠤᠰ ᠲᠤ ᠬᠥᠮᠦᠨ ᠪᠣᠯᠬᠤ ᠶ᠋ᠢᠨ ᠶᠣᠰᠣ ᠤᠴᠢᠷ ᠢ᠋ ᠲᠠᠨᠢᠭᠤᠯᠤᠭᠰᠠᠨ᠃ ᠳᠠᠷᠤᠢ ᠥᠪᠡᠷ ᠢ᠋ᠶ᠋ᠡᠨ ᠰᠡᠴᠡᠷᠬᠡᠵᠦ᠂ ᠪᠤᠰᠤᠳ ᠲᠤ ᠬᠤᠳᠠᠯ ᠬᠡᠯᠡᠳᠡᠭ ᠬᠥᠮᠦᠨ ᠯᠠᠪᠲᠠᠢ ᠦᠷᠡᠭᠳᠡᠯ ᠭᠠᠷᠭᠠᠵᠤ ᠬᠣᠣᠷ ᠠᠮᠰᠠᠬᠤ ᠮᠥᠷᠲᠡᠭᠡᠨ ᠡᠨᠡᠬᠦ ᠬᠣᠣᠷ ᠤ᠋ᠨ ᠢᠷᠡᠬᠦ ᠨᠢ ᠴᠦ᠍ ᠬᠤᠷᠳᠤᠨ ᠪᠠᠢᠵᠤ ᠬᠥᠮᠦᠨ ᠢ᠋ ᠶᠠᠭᠠᠬᠢᠬᠤ ᠶ᠋ᠢᠨ ᠴᠦ᠍ ᠠᠷᠭ᠎ᠠ ᠦᠭᠡᠢ ᠪᠣᠯᠲᠠᠯ᠎ᠠ ᠭᠡᠮᠰᠢᠨ ᠬᠠᠷᠠᠮᠰᠠᠭᠤᠯᠳᠠᠭ》 ᠭᠡᠵᠦ ᠶᠠᠷᠢᠵᠤ ᠪᠠᠢᠯ᠎ᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
