ᠳᠡᠭᠡᠪᠦᠷ ᠦ᠋ᠨ ᠬᠦᠷᠰᠢ - ᠦᠭᠡ᠄ ᠴ· ᠭᠣᠩᠴᠣᠭ᠂ᠠᠶ᠎ᠠ᠄ ᠪᠠ ·ᠡᠷᠳᠡᠨᠢᠪᠠᠲᠤ/ᠠᠯᠲᠠᠨ ᠤᠷᠤᠭ᠂ᠳᠠᠭᠤᠴᠢᠨ᠄ ᠠ ·ᠰᠣᠳᠣᠵᠢᠷᠭᠠᠯ Дээврийн хөрш - Үг: Ц· Гонцг᠂ ая:Ба·Эрдэнэбат/Алтан уруг᠂ Дуучин: А ·Соджаргал
ᠳᠡᠭᠡᠪᠦᠷ ᠦ᠋ᠨ ᠬᠦᠷᠰᠢ
ᠢᠩᠭᠢᠭᠡᠳ ᠮᠢᠨᠦ ᠪᠠᠢᠰᠢᠩ ᠬᠣᠶᠠᠷ ᠳᠠᠪᠬᠤᠷ ᠪᠣᠯᠤᠯ᠎ᠠ᠂
ᠳᠡᠭᠡᠳᠦ ᠠᠢᠯ ᠤ᠋ᠨ ᠡᠵᠡᠭᠲᠡᠢ ᠠᠵᠢᠯ ᠳ᠋ᠤ᠌ ᠪᠠᠨ ᠭᠠᠷᠤᠭᠰᠠᠨ ᠦᠭᠡᠢ
ᠳᠡᠯᠭᠡᠭᠦᠷ ᠤᠷᠤᠭᠤ ᠨᠢᠰᠬᠦ ᠭᠡᠷ ᠦ᠋ᠨ ᠡᠵᠡᠨ ᠶᠠᠭᠠᠷᠠᠩᠭᠤᠢ᠃
ᠬᠠᠪ ᠬᠠᠷᠠᠬᠠᠨ ᠬᠥᠷᠰᠢ ᠡᠴᠡ ᠮᠢᠨᠢ
ᠴᠠᠪ ᠴᠠᠭᠠᠨ ᠥᠨᠳᠡᠭᠡ ᠭᠠᠷᠴᠠᠢ᠂
ᠬᠠᠴᠢᠨ ᠶᠤᠮ ᠰᠢᠦ ᠭᠡᠳ ᠯᠡ ᠪᠢ
ᠭᠠᠢᠬᠠᠨ ᠪᠠᠬᠠᠨ ᠱᠣᠭᠰᠢᠷᠠᠯᠠ᠃
ᠴᠠᠭᠠᠨ ᠬᠠᠷ᠎ᠠ ᠭᠡᠳᠡᠭ ᠨᠢ ᠰᠠᠢᠨ ᠮᠠᠭᠤ ᠳ᠋ᠤ᠌ ᠪᠠᠨ ᠪᠢᠰᠢ ᠠ᠋
ᠴᠢᠷᠠᠢ ᠵᠢᠰᠦ ᠭᠡᠳᠡᠭ ᠨᠢ ᠬᠥᠭᠡᠷᠦᠬᠦᠨ ᠳ᠋ᠦ᠍ ᠮᠠᠭᠤᠬᠠᠢ ᠳ᠋ᠤ᠌ ᠪᠢᠰᠢ ᠠ᠋
ᠠᠮᠢᠲᠠᠨ ᠤ᠋ ᠦᠷᠡᠰ ᠨᠢ ᠬᠥᠭᠡᠷᠦᠬᠦᠢ ᠠᠪ ᠠᠳᠠᠯᠢᠬᠠᠨ ᠭᠡᠳ
ᠤᠶᠠᠬᠠᠨ ᠵᠥᠭᠡᠯᠡᠨ ᠡᠵᠢ ᠮᠢᠨᠢ ᠤᠴᠢᠷᠯᠠᠵᠤ ᠬᠡᠯᠡᠯ᠎ᠡ᠃
ᠬᠠᠪ ᠬᠠᠷᠠᠬᠠᠨ ᠬᠦᠷᠰᠢ ᠡᠴᠡ ᠮᠢᠨᠢ
ᠴᠠᠪ ᠴᠠᠭᠠᠨ ᠥᠨᠳᠡᠭᠡ ᠭᠠᠷᠴᠠᠢ᠂
ᠠᠮᠢᠲᠠᠨ ᠤ᠋ ᠦᠷᠡᠰ ᠨᠢ ᠢᠯᠭᠠᠭ᠎ᠠ ᠦᠭᠡᠢ ᠳᠡ
ᠠᠪ ᠠᠳᠠᠯᠢᠬᠠᠨ ᠴᠠᠭᠠᠬᠠᠨ ᠳᠠ᠃
ᠳᠡᠭᠡᠪᠦᠷ ᠳᠡᠭᠡᠷᠡᠬᠢ ᠥᠨᠳᠡᠭᠡᠨ ᠳ᠋ᠦ᠍ ᠨᠢ ᠰᠡᠭᠦᠳᠡᠷ ᠢ᠋ᠶ᠋ᠡᠨ ᠲᠤᠰᠬᠠᠬᠤ ᠬᠡᠷᠡᠭ ᠦᠭᠡᠢ
ᠳᠡᠭᠳᠡᠭᠡᠬᠡᠢ ᠨᠠᠰᠤᠨ ᠳ᠋ᠤ᠌ ᠨᠢ ᠠᠶᠤᠯᠭᠠᠵᠤ ᠭᠣᠮᠣᠳᠠᠭᠠᠵᠤ ᠪᠣᠯᠬᠤ ᠦᠭᠡᠢ
ᠡᠩᠬᠦᠷᠡᠢ ᠦᠷᠡᠰ ᠨᠢ ᠬᠥᠭᠡᠷᠦᠬᠦᠢ ᠢᠪ ᠢᠵᠢᠯᠬᠡᠨ ᠭᠡᠳ
ᠤᠶᠠᠬᠠᠨ ᠵᠥᠭᠡᠯᠡᠨ ᠡᠵᠢ ᠮᠢᠨᠢ ᠤᠴᠢᠷᠯᠠᠵᠤ ᠬᠡᠯᠡᠯ᠎ᠡ᠃
ᠬᠠᠪ ᠬᠠᠷᠠᠬᠠᠨ ᠬᠥᠷᠰᠢ ᠡᠴᠡ ᠮᠢᠨᠢ
ᠴᠠᠪ ᠴᠠᠭᠠᠨ ᠥᠨᠳᠡᠭᠡ ᠭᠠᠷᠴᠠᠢ
ᠬᠠᠴᠢᠨ ᠶᠤᠮ ᠰᠢᠦ ᠭᠡᠳ ᠯᠡ ᠪᠢ
ᠭᠠᠢᠬᠠᠨ ᠪᠠᠬᠠᠨ ᠱᠣᠭᠰᠢᠷᠠᠯᠠ᠃
ᠬᠠᠪ ᠬᠠᠷᠠᠬᠠᠨ ᠬᠦᠷᠰᠢ ᠡᠴᠡ ᠮᠢᠨᠢ
ᠴᠠᠪ ᠴᠠᠭᠠᠨ ᠥᠨᠳᠡᠭᠡ ᠭᠠᠷᠴᠠᠢ
ᠠᠮᠢᠲᠠᠨ ᠤ᠋ ᠦᠷᠡᠰ ᠨᠢ ᠢᠯᠭᠠᠭ᠎ᠠ ᠦᠭᠡᠢ ᠳᠡ
ᠠᠪ ᠠᠳᠠᠯᠢᠬᠠᠨ ᠴᠠᠭᠠᠬᠠᠨ ᠳᠠ᠃
ᠦᠰᠦᠭ ᠠᠮᠢᠯᠠᠭᠤᠯᠤᠭᠴᠢ᠄ ᠭᠠᠷᠮ᠎ᠠ
ᠦᠰᠦᠭ ᠬᠠᠲᠠᠭᠰᠠᠨ ᠨᠢ᠄ ᠭᠠᠸᠠ
ᠬᠢᠨᠠᠭᠴᠢ᠄ ᠭᠠᠷᠮ᠎ᠠ᠂ ᠲᠤᠭᠴᠢ ᠰᠠᠷᠠᠨ᠎ᠠ
