ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ –4 Нэгэн ном тавцан үн өдөр үн тэмдэглэлээс –4
ᠨᠢᠭᠡ ᠣᠯᠵᠠᠨ ᠳ᠋ᠤ᠌ ᠳᠤᠷᠠᠲᠠᠢ ᠬᠥᠮᠦᠨ ᠱᠠᠬᠠᠢ ᠠᠪᠬᠤ ᠪᠠᠷ ᠵᠡᠭᠡᠯᠢ ᠲᠣᠭᠣᠷᠢᠬᠤ ᠳ᠋ᠠᠭᠠᠨ ᠬᠢᠮᠳᠠᠬᠠᠨ ᠰᠢᠭ᠋ ᠢ᠋ ᠨᠢ ᠠᠪᠤᠨ᠎ᠠ ᠭᠡᠵᠦ ᠪᠣᠳᠣᠵᠤ ᠶᠠᠪᠤᠵᠠᠢ᠃ ᠲᠡᠭᠡᠭᠰᠡᠨ ᠴᠢᠨᠢ ᠳᠡᠯᠭᠡᠭᠦᠷ ᠦ᠋ᠨ ᠡᠵᠡᠨ᠄《ᠮᠢᠨᠦ ᠡᠨᠳᠡᠬᠢ ᠱᠠᠬᠠᠢ ᠨᠢᠭᠡ ᠲᠥᠭᠥᠷᠢᠭ ᠴᠦ᠍ ᠠᠪᠬᠤ ᠦᠭᠡᠢ᠂ ᠴᠢ ᠠᠯᠢ ᠶ᠋ᠢ ᠨᠢ ᠡᠮᠦᠰᠴᠦ ᠶᠠᠪᠤᠭᠰᠠᠨ ᠴᠦ᠍ ᠪᠣᠯᠤᠨ᠎ᠠ᠃ ᠭᠡᠪᠡᠴᠦ ᠨᠢᠭᠡ ᠨᠥᠬᠥᠴᠡᠯ ᠲᠡᠢ᠂ ᠴᠢ ᠭᠤᠷᠪᠠᠨ ᠡᠳᠦᠷ ᠨᠢᠭᠡ ᠦᠭᠡ ᠴᠦ᠍ ᠶᠠᠷᠢᠵᠤ ᠪᠣᠯᠬᠤ ᠦᠭᠡᠢ》 ᠭᠡᠵᠡᠢ᠃
ᠡᠭᠦᠨ ᠢ᠋ ᠨᠢ ᠰᠣᠨᠣᠰᠤᠭᠰᠠᠨ ᠣᠯᠵᠠᠨ ᠳ᠋ᠤ᠌ ᠳᠤᠷᠠᠲᠠᠢ ᠬᠥᠮᠦᠨ ᠶᠡᠬᠡ ᠪᠠᠶᠠᠷ ᠲᠠᠢ 500 ᠲᠥᠭᠥᠷᠢᠭ ᠦ᠋ᠨ ᠱᠠᠬᠠᠢ ᠠᠪᠤᠭᠠᠳ ᠳᠠᠭᠤ ᠴᠦ᠍ ᠦᠭᠡᠢ ᠭᠡᠷ ᠲᠦ᠍ ᠪᠡᠨ ᠬᠠᠷᠢᠵᠠᠢ᠃ ᠡᠬᠡᠨᠡᠷ ᠨᠢ ᠲᠡᠭᠦᠨ ᠡᠴᠡ ᠬᠡᠳᠦᠢ ᠲᠥᠭᠥᠷᠢᠭ ᠢ᠋ᠶ᠋ᠡᠷ ᠠᠪᠤᠭᠰᠠᠨ ᠪᠣᠢ ᠭᠡᠵᠦ ᠠᠰᠠᠭᠤᠬᠤ ᠳ᠋ᠤ᠌ ᠲᠡᠷᠡ ᠶᠠᠭᠤ ᠴᠦ᠍ ᠳᠤᠤᠭᠠᠷᠬᠤ ᠦᠭᠡᠢ᠃ ᠬᠡᠳᠦᠢ ᠠᠰᠠᠭᠤᠭᠰᠠᠨ ᠴᠦ᠍ ᠶᠠᠭᠤ ᠴᠦ᠍ ᠶᠠᠷᠢᠬᠤ ᠦᠭᠡᠢ᠃ ᠡᠨᠡ ᠪᠠᠢᠳᠠᠯ ᠳ᠋ᠤ᠌ ᠭᠡᠷ ᠦ᠋ᠨ ᠬᠥᠮᠦᠰ ᠨᠢ ᠶᠡᠬᠡ ᠰᠠᠨᠳᠤᠷᠴᠤ ᠡᠮᠴᠢ ᠵᠠᠯᠠᠵᠤ ᠦᠵᠡᠭᠦᠯᠦᠭᠰᠡᠨ ᠴᠦ᠍ ᠲᠤᠰᠠ ᠪᠣᠯᠤᠭᠰᠠᠨ ᠦᠭᠡᠢ᠃ ᠲᠡᠷᠡ ᠬᠥᠮᠦᠨ ᠡᠮᠴᠢ ᠶᠠᠭᠤ ᠠᠰᠠᠭᠤᠭᠰᠠᠨ ᠴᠦ᠍ ᠮᠥᠨ ᠯᠡ ᠳᠤᠤᠭᠠᠷᠬᠤ ᠦᠭᠡᠢ ᠬᠡᠪ ᠢ᠋ᠶ᠋ᠡᠷ ᠢ᠋ᠶ᠋ᠡᠨ ᠪᠠᠢᠯ᠎ᠠ᠃ ᠡᠮᠴᠢ ᠴᠦ᠍ ᠲᠡᠭᠦᠨ ᠦ᠌ ᠡᠨᠡ ᠪᠠᠢᠳᠠᠯ ᠳ᠋ᠤ᠌ ᠪᠠᠯᠠᠭ ᠠᠯᠳᠠᠵᠤ᠄《ᠵᠠᠰᠠᠵᠤ ᠳᠡᠢᠯᠬᠦ ᠦᠭᠡᠢ ᠰᠣᠨᠢᠨ ᠡᠪᠡᠳᠴᠢᠨ ᠣᠯᠴᠢᠬᠠᠵᠠᠢ》 ᠭᠡᠪᠡ᠃ ᠡᠮᠴᠢ ᠶ᠋ᠢᠨ ᠦᠭᠡ ᠶ᠋ᠢ ᠰᠣᠨᠣᠰᠤᠭᠠᠳ ᠡᠬᠡᠨᠡᠷ ᠨᠢ ᠶᠡᠬᠡ ᠰᠣᠴᠢᠯ᠎ᠠ᠃
ᠭᠤᠷᠪᠠᠨ ᠡᠳᠦᠷ ᠦ᠋ᠨ ᠳᠠᠷᠠᠭ᠎ᠠ ᠱᠠᠬᠠᠢ ᠶ᠋ᠢᠨ ᠳᠡᠯᠭᠡᠭᠦᠷ ᠦ᠋ᠨ ᠡᠵᠡᠨ ᠲᠡᠳᠡᠨ ᠦ᠌ ᠭᠡᠷ ᠲᠦ᠍ ᠢᠷᠡᠭᠡᠳ ᠤᠷᠢᠳ ᠢ᠋ᠶ᠋ᠠᠷ ᠡᠬᠡᠨᠡᠷ ᠲᠡᠢ ᠨᠢ ᠬᠡᠰᠡᠭ ᠵᠠᠭᠤᠷ᠎ᠠ ᠶᠠᠷᠢᠯᠴᠠᠭᠰᠠᠨ ᠢ᠋ᠶ᠋ᠠᠨ ᠥᠭᠡᠷ᠎ᠡ ᠥᠷᠥᠭᠡᠨ ᠳ᠋ᠦ᠍ ᠣᠯᠵᠠᠨ ᠳ᠋ᠤ᠌ ᠳᠤᠷᠠᠲᠠᠢ ᠡᠷ᠎ᠡ ᠶ᠋ᠢ ᠳᠠᠭᠠᠭᠤᠯᠵᠤ ᠣᠷᠣᠭᠠᠳ᠄《ᠴᠠᠭ ᠲᠤᠯᠴᠢᠬᠠᠭᠰᠠᠨ᠂ ᠴᠢ ᠣᠳᠣ ᠦᠭᠡ ᠶᠠᠷᠢᠵᠤ ᠪᠣᠯᠤᠨ᠎ᠠ》 ᠭᠡᠵᠦ ᠬᠡᠯᠡᠭᠡᠳ ᠶᠠᠪᠤᠵᠤ ᠣᠳᠴᠠᠢ᠃
ᠣᠯᠵᠠᠨ ᠳ᠋ᠤ᠌ ᠳᠤᠷᠠᠲᠠᠢ ᠡᠷ᠎ᠡ ᠡᠨᠡ ᠤᠴᠢᠷ ᠢ᠋ ᠡᠬᠡᠨᠡᠷ ᠲᠦ᠍ ᠪᠡᠨ᠄《ᠶᠠᠭᠠᠬᠢᠭᠰᠠᠨ ᠰᠠᠢᠨ ᠪᠣᠢ᠂ ᠭᠤᠷᠪᠠᠨ ᠡᠳᠦᠷ ᠦᠭᠡ ᠶᠠᠷᠢᠬᠤ ᠦᠭᠡᠢ ᠪᠣᠯ ᠵᠦᠭᠡᠷ ᠯᠡ 500 ᠲᠥᠭᠥᠷᠢᠭ ᠦ᠋ᠨ ᠱᠠᠬᠠᠢ ᠣᠯᠴᠢᠬᠠᠨ᠎ᠠ》 ᠭᠡᠯᠡ᠃ ᠡᠬᠡᠨᠡᠷ ᠨᠢ ᠡᠭᠦᠨ ᠢ᠋ ᠰᠣᠨᠣᠰᠤᠭᠠᠳ ᠨᠢᠳᠦ ᠨᠢ ᠣᠷᠣᠢ ᠳᠡᠭᠡᠷ᠎ᠡ ᠪᠡᠨ ᠭᠠᠷᠴᠤ᠄《ᠶᠠᠭᠤ ᠭᠡᠨ᠎ᠡ? ᠰᠠᠶᠢ ᠲᠡᠷᠡ ᠬᠥᠮᠦᠨ ᠨᠠᠳᠠ ᠠ᠋ᠴᠠ ᠶᠠᠪᠠ ᠡᠪᠡᠳᠴᠢᠨ ᠢ᠋ ᠵᠠᠰᠠᠵᠤ ᠳᠡᠢᠯᠦᠨ᠎ᠡ ᠭᠡᠵᠦ 1000 ᠲᠥᠭᠥᠷᠢᠭ ᠠᠪᠤᠭᠠᠳ ᠶᠠᠪᠤᠴᠢᠬᠠᠭᠰᠠᠨ!》 ᠭᠡᠵᠦ ᠵᠠᠩᠳᠤᠷᠴᠠᠢ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
2024.12.7
