ᠰᠢᠬᠢᠷ -ᠤᠷᠠᠯᠢᠭЧихэр-Урлаг
ᠰᠢᠬᠢᠷ
ᠵᠣᠬᠢᠶᠠᠭᠴᠢ ᠱᠠᠷᠠᠢᠳ᠄ ᠭᠡᠷᠡᠯ
ᠤᠶᠠᠩᠭᠠᠯᠠᠭᠴᠢ᠄ ᠤᠷᠠᠯᠢᠭ
ᠠᠪᠤ ᠶ᠋ᠢᠨ ᠥᠭᠭᠦᠭᠰᠡᠨ ᠠᠯᠠᠭ ᠰᠢᠬᠢᠷ
ᠠᠯᠳᠠᠷᠠᠢ ᠨᠠᠰᠤᠨ ᠤ᠋ ᠮᠢᠨᠢ ᠨᠠᠨᠳᠢᠨ ᠰᠢᠬᠢᠷ
ᠠᠮᠲᠠᠯᠠᠵᠤ ᠦᠵᠡᠭᠡᠳ ᠬᠠᠷᠠᠮᠯᠠᠳᠠᠭ
ᠠᠪᠤ ᠶ᠋ᠢᠨ ᠮᠢᠨᠢ ᠥᠭᠭᠦᠭᠰᠡᠨ ᠠᠯᠠᠭ ᠰᠠᠪᠠ ᠲᠠᠢ ᠰᠢᠬᠢᠷ
ᠡᠵᠢ ᠶ᠋ᠢᠨ ᠮᠢᠨᠢ ᠥᠭᠭᠦᠭᠰᠡᠨ ᠡᠷᠢᠶᠡᠨ ᠰᠢᠬᠢᠷ
ᠡᠷᠬᠡ ᠪᠠᠭ᠎ᠠ ᠶ᠋ᠢᠨ ᠮᠢᠨᠢ ᠠᠮᠲᠠᠲᠠᠢ ᠰᠢᠬᠢᠷ
ᠡᠷᠭᠢᠭᠦᠯᠵᠦ ᠦᠵᠡᠭᠡᠳ ᠬᠠᠷᠠᠮᠯᠠᠳᠠᠭ
ᠡᠵᠢ ᠶ᠋ᠢᠨ ᠥᠭᠭᠦᠭᠰᠡᠨ ᠮᠢᠨᠢ ᠡᠷᠢᠶᠡᠨ ᠴᠠᠭᠠᠰᠤ ᠲᠠᠢ ᠰᠢᠬᠢᠷ
ᠠᠬ᠎ᠠ ᠶ᠋ᠢᠨ ᠮᠢᠨᠢ ᠪᠡᠯᠡᠭ ᠠᠩᠭ᠌ᠯᠢ ᠶ᠋ᠢᠨ ᠰᠢᠬᠢᠷ
ᠠᠪᠤᠭᠠᠳ ᠢᠳᠡᠬᠦ ᠳ᠋ᠦ᠍ ᠬᠠᠢᠷᠠᠨ ᠰᠢᠬᠢᠷ
ᠠᠳᠬᠤᠵᠤ ᠦᠵᠡᠭᠡᠳ ᠳᠡᠭᠡᠷ᠎ᠡ ᠲᠠᠯᠪᠢᠳᠠᠭ
ᠠᠬ᠎ᠠ ᠶ᠋ᠢᠨ ᠮᠢᠨᠢ ᠪᠡᠯᠡᠭ ᠠᠩᠭ᠌ᠯᠢ ᠦᠰᠦᠭ ᠲᠡᠢ ᠰᠢᠬᠢᠷ
ᠡᠭᠡᠴᠢ ᠶ᠋ᠢᠨ ᠮᠢᠨᠢ ᠪᠡᠯᠡᠭ ᠣᠷᠣᠰ ᠮᠠᠶᠢᠭ ᠤ᠋ᠨ ᠰᠢᠬᠢᠷ
ᠡᠮᠲᠡᠯᠵᠦ ᠬᠠᠵᠠᠬᠤ ᠠ᠋ᠴᠠ ᠳᠡᠩᠳᠡᠭᠦᠦ ᠭᠣᠶᠣ ᠰᠢᠬᠢᠷ
ᠭᠠᠢᠬᠠᠭᠤᠯᠵᠤ ᠭᠠᠷᠭᠠᠭᠠᠳ ᠤᠭᠤᠲᠠᠯᠠᠵᠤ ᠣᠷᠬᠢᠳᠠᠭ
ᠡᠭᠡᠴᠢ ᠶ᠋ᠢᠨ ᠮᠢᠨᠢ ᠪᠡᠯᠡᠭ ᠣᠷᠣᠰ ᠵᠢᠷᠤᠭ ᠲᠠᠢ ᠰᠢᠬᠢᠷ
ᠰᠢᠬᠢᠷ ᠨᠠᠳᠠ ᠠᠷᠪᠢᠨ ᠪᠠᠢᠨ᠎ᠠ
ᠰᠢᠮᠡᠵᠦ ᠢᠳᠡᠬᠦ ᠡᠴᠡ ᠬᠠᠢᠷᠠᠯᠠᠭᠠᠳ ᠪᠠᠢᠨ᠎ᠠ
ᠡᠪᠦᠭᠡ ᠶ᠋ᠢᠨ ᠥᠭᠭᠦᠭᠰᠡᠨ ᠡᠮᠡᠭᠡ ᠶ᠋ᠢᠨ ᠥᠭᠭᠦᠭᠰᠡᠨ
ᠥᠨᠥ ᠣᠯᠠᠨ ᠰᠢᠬᠢᠷ ᠡᠴᠡ ᠪᠡᠨ
ᠠᠳᠬᠤᠵᠤ ᠠᠪᠤᠭᠠᠳ ᠪᠠᠭᠰᠢ ᠳ᠋ᠤ᠌ ᠪᠠᠨ ᠥᠭᠭᠦᠨ᠎ᠡ
ᠠᠩᠭᠢ ᠶ᠋ᠢᠨ ᠣᠯᠠᠨ ᠨᠥᠬᠥᠳ ᠲᠦ᠍ ᠪᠡᠨ ᠥᠭᠭᠦᠶ᠎ᠡ
ᠦᠰᠦᠭ ᠬᠠᠲᠠᠭᠴᠢ᠄ ᠣᠳᠬᠣᠩᠬᠤᠸᠠᠷ
ᠦᠰᠦᠭ ᠠᠮᠢᠯᠠᠭᠤᠯᠤᠭᠴᠢ᠄ ᠣᠳᠬᠣᠩᠬᠤᠸᠠᠷ
ᠬᠢᠨᠠᠭᠴᠢ᠄ ᠱᠠᠷᠠᠢᠳ ᠭᠡᠷᠡᠯ᠂ ᠨᠤᠮᠤᠴᠢᠨ ᠪᠢᠯᠢᠭ
