ᠵᠤᠨ ᠤ ᠠᠮᠠᠷᠠᠯᠲᠠ ᠳᠠᠭᠠᠨ ᠵᠦᠢᠷ ᠰᠡᠴᠡᠨ ᠦᠭᠡ ᠰᠤᠷᠴᠠᠭᠠᠶ᠎ᠠЗуны амралтдаа зүйр цэцэн үг сурцгаая
ᠵᠦᠢᠷ ᠰᠡᠴᠡᠨ ᠦᠭᠡ
ᠤᠬᠢᠯᠠᠭᠰᠠᠭᠠᠷ ᠤᠬᠢᠯᠠᠭᠰᠠᠭᠠᠷ ᠬᠥᠮᠦᠨ ᠪᠣᠯᠲᠠᠭ
ᠮᠠᠢᠯᠠᠭᠰᠠᠭᠠᠷ ᠮᠠᠢᠯᠠᠭᠰᠠᠭᠠᠷ ᠮᠠᠯ ᠪᠣᠯᠳᠠᠭ
ᠬᠥᠮᠦᠨ ᠪᠣᠯᠬᠤ ᠪᠠᠭ᠎ᠠ ᠠᠴᠠ ᠪᠠᠨ
ᠬᠦᠯᠦᠭ ᠪᠣᠯᠬᠤ ᠤᠨᠠᠭᠠᠨ ᠠᠴᠠ ᠪᠠᠨ
ᠥᠷᠯᠥᠭᠡ ᠶᠢᠨ ᠳᠤᠯᠠᠭᠠᠨ ᠢ ᠳᠤᠯᠠᠭᠠᠨ ᠳᠦ ᠪᠤᠤ ᠪᠣᠳᠣ
ᠥᠰᠬᠦ ᠶᠢᠨ ᠵᠢᠷᠭᠠᠯ ᠢ ᠵᠢᠷᠭᠠᠯ ᠳᠦ ᠪᠤᠤ ᠪᠣᠳᠤ
ᠬᠥᠮᠦᠨ ᠤ ᠪᠠᠭ᠎ᠠ ᠨᠢ ᠬᠥᠳᠡᠯᠵᠦ
ᠰᠢᠪᠠᠭᠤᠨ ᠤ ᠪᠠᠭ᠎ᠠ ᠨᠢ ᠵᠢᠷᠭᠢᠳᠡᠭ
ᠡᠳ᠋ ᠢᠶᠠᠷ ᠪᠡᠶ᠎ᠡ
ᠪᠠᠨ ᠴᠢᠮᠡᠬᠦ ᠪᠡᠷ
ᠡᠷᠳᠡᠮ ᠢᠶᠠᠷ ᠪᠡᠶ᠎ᠡ ᠪᠠᠨ ᠴᠢᠮ᠎ᠠ
ᠡᠷᠲᠡ ᠪᠣᠰᠪᠠᠯ ᠢᠯᠡᠭᠦᠦ ᠨᠢᠭᠡ ᠶᠢ ᠦᠵᠡᠵᠦ
ᠤᠷᠤᠢ ᠤᠨᠲᠠᠪᠠᠯ ᠢᠯᠡᠭᠦᠦ ᠨᠢᠭᠡ ᠶᠢ ᠰᠣᠨᠤᠰᠳᠠᠭ
ᠳᠤᠰᠤᠯ ᠢ ᠬᠤᠷᠢᠶᠠᠪᠠᠯ ᠳᠠᠯᠠᠢ ᠪᠣᠯᠤᠨ᠎ᠠ
ᠲᠤᠭᠤᠯᠤᠭᠰᠠᠨ ᠢ ᠬᠤᠷᠢᠶᠠᠪᠠᠯ ᠮᠡᠷᠭᠡᠨ ᠪᠣᠯᠤᠨ᠎ᠠ
ᠠᠵᠢᠯ ᠢ ᠬᠢᠪᠡᠯ ᠳᠠᠭᠤᠰᠲᠠᠯ᠎ᠠ
ᠳᠠᠪᠤᠰᠤ ᠵᠢ ᠬᠢᠪᠡᠯ ᠠᠭᠤᠰᠲᠠᠯ᠎ᠠ
ᠲᠥᠷᠦᠯ ᠦᠨ ᠶᠡᠬᠡ ᠨᠠᠭᠠᠴᠤ
ᠮᠣᠳᠤᠨ ᠤᠨ ᠶᠡᠬᠡ ᠨᠠᠷᠠᠰᠤ
ᠥᠰᠬᠦ ᠮᠠᠯ ᠤᠨ ᠵᠢᠰᠦ ᠨᠢ ᠨᠢᠭᠡ
ᠥᠭᠡᠳᠡᠯᠡᠬᠦ ᠠᠢᠯ ᠤᠨ ᠦᠭᠡ ᠨᠢ ᠨᠢᠭᠡ
ᠴᠤᠪᠤᠵᠤ ᠶᠠᠪᠤᠭᠰᠠᠨ ᠪᠠᠷᠰ ᠡᠴᠠ
ᠴᠤᠭᠯᠠᠵᠤ ᠰᠠᠭᠤᠭᠰᠠᠨ ᠱᠠᠭᠠᠵᠠᠭᠠᠢ ᠳᠡᠭᠡᠷ᠎ᠡ
ᠠᠷᠢᠬᠢ ᠤᠤᠭᠤᠭᠰᠠᠨ ᠬᠥᠮᠦᠨ ᠦᠨᠡᠨ ᠢᠶᠠᠨ ᠬᠡᠯᠡᠨ᠎ᠡ
ᠠᠷᠪᠡᠨ ᠨᠠᠰᠤᠲᠠᠢ ᠬᠡᠦᠬᠡᠳ ᠦᠵᠡᠭᠰᠡᠨ ᠢᠶᠠᠨ ᠬᠡᠯᠡᠨ᠎ᠡ
ᠣᠯᠠᠨ ᠦᠭᠡᠨ ᠳᠦ ᠣᠯᠵᠠ ᠦᠭᠡᠢ
ᠣᠭᠤᠲᠤᠷ ᠨᠣᠬᠠᠢ ᠳᠦ ᠰᠢᠨᠵᠢ ᠦᠭᠡᠢ
ᠠᠶᠤᠵᠤ ᠶᠠᠪᠤᠪᠠᠯ ᠠᠮᠢᠨ ᠳᠤ ᠬᠡᠷᠡᠭᠲᠡᠢ
ᠢᠴᠢᠵᠦ ᠶᠠᠪᠤᠪᠠᠯ ᠨᠢᠭᠤᠷ ᠲᠦ ᠬᠡᠷᠡᠭᠲᠡᠢ
ᠠᠭᠤᠷ ᠪᠡᠶ᠎ᠡ ᠶᠢ ᠵᠣᠪᠠᠭᠠᠨ᠎ᠠ
ᠠᠭᠤᠯᠠ ᠮᠣᠷᠢ ᠶᠢ ᠵᠣᠪᠠᠭᠠᠨ᠎ᠠ
ᠥᠭᠡᠳᠡ ᠪᠡᠨ ᠬᠠᠶᠠᠭᠰᠠᠨ ᠴᠢᠯᠠᠭᠤ
ᠥᠪᠡᠷ ᠦᠨ ᠲᠣᠯᠤᠭᠠᠢ ᠳᠡᠭᠡᠷ᠎ᠡ
ᠮᠤᠷᠤᠢ ᠪᠣᠯᠤᠭᠰᠠᠨ ᠴᠤ᠌ ᠵᠠᠮ ᠰᠠᠢᠬᠠᠨ
ᠮᠠᠭᠤᠬᠠᠢ ᠪᠣᠯᠤᠭᠰᠠᠨ ᠴᠤ᠌ ᠡᠵᠢ ᠰᠠᠢᠬᠠᠨ
ᠠᠮᠢᠳᠤ ᠶᠠᠪᠤᠪᠠᠯ
ᠠᠯᠲᠠᠨ ᠠᠶᠠᠭᠠᠨ ᠡᠴᠡ ᠤᠰᠤ ᠤᠤᠭᠤᠨ᠎ᠠ
ᠬᠣᠨᠢᠨ ᠮᠢᠬ᠎ᠠ ᠬᠠᠭᠤᠴᠢᠷᠠᠬᠤ ᠲᠤᠲᠤᠮ ᠬᠣᠣᠷ
ᠦᠬᠡᠷ ᠤᠨ ᠮᠢᠬ᠎ᠠ ᠬᠠᠭᠤᠴᠢᠷᠠᠬᠤ ᠲᠤᠲᠤᠮ ᠡᠮ
ᠪᠡᠶ᠎ᠡ ᠪᠡᠨ ᠮᠡᠳᠡᠵᠦ
ᠪᠢᠷ᠎ᠡ ᠪᠡᠨ ᠲᠠᠨᠢ
ᠲᠡᠩᠭᠡᠯᠢᠭ ᠮᠠᠭᠤᠲᠠᠢ ᠲᠡᠷᠭᠡ ᠳᠡᠭᠡᠭᠡᠰᠢ ᠳᠠᠭᠠᠭᠠᠬᠤ ᠦᠭᠡᠢ
ᠲᠡᠰᠪᠦᠷᠢ ᠮᠠᠭᠤᠲᠠᠢ ᠬᠥᠮᠦᠨ ᠦᠭᠡ ᠳᠠᠭᠠᠭᠠᠬᠤ ᠦᠭᠡᠢ
