ᠬᠦᠯᠢᠶᠡᠭᠰᠡᠨ ᠤᠴᠠᠷᠠᠯ-ᠲ ∙ ᠪᠠᠶᠠᠷᠬᠡᠰᠢᠭТ.Баярхишиг - Хүлээсэн учрал. LYRICS ViDEO
ᠬᠦᠯᠢᠶᠡᠭᠰᠡᠨ ᠤᠴᠠᠷᠠᠯ
ᠦᠭᠡ᠄ ᠯ· ᠭᠠᠸᠠᠰᠥ᠋ᠷᠦᠩ
ᠠᠶ᠎ᠠ᠄ ᠳ· ᠴᠡᠴᠡᠷᠯᠢᠭ
— ᠲ· ᠪᠠᠶᠠᠷᠬᠡᠰᠢᠭ ᠳᠠᠭᠤᠯᠠᠨ᠎ᠠ
ᠠᠶᠠᠨ ᠤ᠋ ᠰᠢᠪᠠᠭᠤᠳ ᠢ᠋ ᠤᠭᠲᠤᠵᠤ ᠦᠳᠡᠭᠰᠡᠨ
ᠠᠯᠠᠭ ᠨᠢᠳᠦ ᠪᠡᠨ ᠴᠢᠯᠡᠭᠡᠵᠦ ᠬᠦᠯᠢᠶᠡᠭᠰᠡᠨ ᠶᠦᠮ
ᠳᠤᠷᠠᠯᠠᠯ ᠳ᠋ᠤ᠌ ᠬᠠᠷᠠᠮ ᠬᠠᠢᠷ᠎ᠠ ᠶ᠋ᠢᠨ ᠣᠷᠴᠢᠯᠠᠩ ᠳ᠋ᠤ᠌
ᠳᠤᠲᠠᠵᠤ ᠶᠠᠪᠤᠭᠰᠠᠨ ᠰᠡᠳᠬᠢᠯ ᠢ᠋ᠶ᠋ᠡᠷ ᠴᠢᠮ᠎ᠠ ᠶ᠋ᠢ ᠪᠡᠨ ᠬᠦᠯᠢᠶᠡᠭᠰᠡᠨ ᠶᠦᠮ
ᠨᠠᠮᠤᠷ ᠤ᠋ᠨ ᠰᠢᠪᠠᠭᠤᠳ ᠰᠢᠭ᠋ ᠨᠠᠭᠤᠷ ᠲᠤ᠌ ᠪᠠᠨ ᠪᠤᠴᠠᠬᠤ ᠦᠭᠡᠢ
ᠨᠠᠰᠤ ᠪᠠᠷ ᠢ᠋ᠶ᠋ᠠᠨ ᠴᠢᠮ᠎ᠠ ᠲᠠᠢ ᠪᠠᠨ ᠬᠠᠨᠢᠰᠠᠴᠤ ᠶᠠᠪᠤᠶ᠎ᠠ ᠳᠠ
ᠪᠣᠢᠯᠠᠭᠠᠨ ᠰᠥᠨᠢ ᠶ᠋ᠢᠨ ᠵᠡᠭᠦᠳᠦ ᠪᠡᠨ ᠮᠠᠨᠠᠭᠠᠳ
ᠦᠷ ᠦ᠋ᠨ ᠴᠣᠯᠮᠣᠨ ᠠᠰᠠᠲᠠᠯᠠ ᠬᠦᠯᠢᠶᠡᠭᠰᠡᠨ ᠶᠦᠮ
ᠵᠥᠩᠳᠡᠭᠡᠨ ᠤᠳᠠᠭᠰᠠᠨ ᠴᠥᠬᠥᠷᠡᠯ ᠢ᠋ᠶ᠋ᠡᠨ ᠠᠷᠭᠠᠳᠠᠵᠤ
ᠵᠥᠪᠬᠡᠨ ᠪᠢ ᠴᠢᠨᠢ ᠴᠢᠮ᠎ᠠ ᠪᠠᠨ ᠬᠦᠰᠡᠨ ᠬᠦᠯᠢᠶᠡᠭᠰᠡᠨ ᠶᠦᠮ
ᠨᠠᠮᠤᠷ ᠤ᠋ᠨ ᠰᠢᠪᠠᠭᠤᠳ ᠰᠢᠭ᠋ ᠨᠠᠭᠤᠷ ᠲᠤ᠌ ᠪᠠᠨ ᠪᠤᠴᠠᠬᠤ ᠦᠭᠡᠢ
ᠨᠠᠰᠤ ᠪᠠᠷ ᠢ᠋ᠶ᠋ᠠᠨ ᠴᠢᠮ᠎ᠠ ᠲᠠᠢ ᠪᠠᠨ ᠬᠠᠨᠢᠰᠠᠴᠤ ᠶᠠᠪᠤᠶ᠎ᠠ ᠳᠠ
ᠥᠨᠵᠢᠮᠡᠯ ᠣᠳᠣᠳ ᠲᠠᠢ ᠰᠥᠨᠢ ᠶ᠋ᠢᠨ ᠤᠷᠲᠤ ᠳ᠋ᠤ᠌
ᠥᠪᠡᠷ ᠢ᠋ ᠪᠡᠨ ᠬᠠᠷᠠᠮᠨᠠᠵᠤ ᠴᠢᠮ᠎ᠠ ᠶ᠋ᠢ ᠪᠡᠨ ᠬᠦᠯᠢᠶᠡᠭᠰᠡᠨ ᠶᠦᠮ
ᠥᠪᠡᠷ ᠡᠴᠡ ᠪᠡᠨ ᠢᠯᠡᠭᠦᠦ ᠲᠡᠢ ᠬᠠᠢᠷᠠᠯᠠᠶ᠎ᠠ ᠭᠡᠰᠡᠨ ᠳ᠋ᠦ᠍ ᠪᠡᠨ
ᠥᠷᠥᠭᠡᠯ ᠪᠤᠰᠤᠳ ᠢ᠋ ᠮᠠᠷᠲᠠᠵᠤ ᠬᠦᠯᠢᠶᠡᠭᠰᠡᠨ ᠶᠦᠮ
ᠨᠠᠮᠤᠷ ᠤ᠋ᠨ ᠰᠢᠪᠠᠭᠤᠳ ᠰᠢᠭ᠋ ᠨᠠᠭᠤᠷ ᠲᠤ᠌ ᠪᠠᠨ ᠪᠤᠴᠠᠬᠤ ᠦᠭᠡᠢ
ᠨᠠᠰᠤ ᠪᠠᠷ ᠢ᠋ᠶ᠋ᠠᠨ ᠴᠢᠮ᠎ᠠ ᠲᠠᠢ ᠪᠠᠨ ᠬᠠᠨᠢᠰᠠᠴᠤ ᠶᠠᠪᠤᠶ᠎ᠠ ᠳᠠ
ᠨᠠᠮᠤᠷ ᠤ᠋ᠨ ᠰᠢᠪᠠᠭᠤᠳ ᠰᠢᠭ᠋ ᠨᠠᠭᠤᠷ ᠲᠤ᠌ ᠪᠠᠨ ᠪᠤᠴᠠᠬᠤ ᠦᠭᠡᠢ
ᠨᠠᠰᠤ ᠪᠠᠷ ᠢ᠋ᠶ᠋ᠠᠨ ᠴᠢᠮ᠎ᠠ ᠲᠠᠢ ᠪᠠᠨ ᠬᠠᠨᠢᠰᠠᠴᠤ ᠶᠠᠪᠤᠶ᠎ᠠ ᠳᠠ
ᠦᠰᠦᠭ ᠬᠠᠲᠠᠵᠤ ᠦᠰᠦᠭ ᠠᠮᠢᠯᠠᠭᠤᠯᠤᠭᠰᠠᠨ ᠨᠢ᠄ ᠥᠨᠢᠮᠥ᠋ᠩᠬᠡ
ᠬᠢᠨᠠᠭᠴᠢ ᠪᠠᠭᠰᠢ᠄ ᠤᠶᠠᠬᠠᠨ
ХҮЛЭЭСЭН УЧРАЛ
ҮГ᠄ ГАВААСҮРЭН /СГЗ /
АЯ᠄ Д . ЦЭЦЭРЛЭГ /УГЗ/
ДУУЧИН ᠄ Т . БАЯРХИШИГ
Аяны шувуудыг угтаж үдсэн
Алаг нүдээ чилээж хүлээсэн юм
Дурлалд харам хайрын орчлонд
Дутаж явсан сэтгэлээр чамайгаа хүлээсэн юм
Намрын шувууд шиг нуурандаа буцахгүй
Насаараа чамтайгаа ханьсаж явъя даа
Буйлган шөнийн зүүдээ манаад
Үүрийн цолмон астал хүлээсэн юм
Зөндөө удсан цөхөрлөө аргадаж
Зөвхөн би чинь чамайгаа хүсэн хүлээсэн юм
Намрын шувууд шиг нуурандаа буцахгүй
Насаараа чамтайгаа ханьсаж явъя даа
Өнжмөл ододтой шөнийн уртад
Өөрийгөө харамлаж чамайгаа хүлээсэн юм
Өөрөөсөө илүүтэй хайрлая гэсэндээ
Өрөөл бусдыг мартаж хүлээсэн юм
Намрын шувууд шиг нуурандаа буцахгүй
Насаараа чамтайгаа ханьсаж явъя даа
Намрын шувууд шиг нуурандаа буцахгүй
Насаараа чамтайгаа ханьсаж явъя даа
Насаараа чамтайгаа ханьсаж явъя даа
