ᠬᠥᠳᠡᠭᠡ ᠨᠤᠲᠤᠭ ᠰᠠᠢᠬᠠᠨ - ᠳ ᠪᠠᠨᠽᠠᠷᠠᠭᠴᠢХөдөө нутаг сайхан - УГЖ Д. Банзрагч ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠳᠡᠭᠡ ᠨᠤᠲᠤᠭ ᠰᠠᠢᠬᠠᠨ - ᠳ ᠪᠠᠨᠽᠠᠷᠠᠭᠴᠢХөдөө нутаг сайхан - УГЖ Д. Банзрагч

ᠬᠥᠳᠡᠭᠡ ᠨᠤᠲᠤᠭ ᠰᠠᠢᠬᠠᠨ - ᠳ ᠪᠠᠨᠽᠠᠷᠠᠭᠴᠢХөдөө нутаг сайхан - УГЖ Д. Банзрагч

ᠠᠩᠭᠢᠯᠠᠯ:ᠳᠠᠭᠤᠤ ᠬᠥᠭᠵᠢᠮ
2024-12-09

1067

ᠬᠥᠳᠡᠭᠡ ᠨᠤᠲᠤᠭ ᠰᠠᠢᠬᠠᠨ


   ᠦᠭᠡ᠄ ᠳ· ᠫᠦᠷᠪᠦᠳᠣᠷᠵᠢ 
   ᠠᠶ᠎ᠠ᠄ ᠵ· ᠪᠠᠲᠤᠰᠦ᠋ᠬᠡ 
   ᠳᠠᠭᠤᠴᠢᠨ᠄ ᠳ· ᠪᠠᠨᠽᠠᠷᠠᠭᠴᠢ 

ᠠᠯᠤᠰ ᠤ᠋ᠨ ᠠᠨᠢᠷᠬᠠᠨ ᠠᠭᠤᠯᠠᠰ ᠳᠤᠮᠳᠠ ᠪᠠᠨ 
ᠠᠭᠠᠷ ᠤ᠋ᠨ ᠠᠷᠢᠭᠤᠬᠠᠨ ᠬᠥᠳᠡᠭᠡ ᠶᠦᠮ ᠠ᠋ ᠬᠦ 
ᠠᠵᠢᠯ ᠬᠢᠵᠦ ᠠᠮᠢᠳᠤᠷᠠᠨ ᠰᠠᠭᠤᠮᠠᠷ 
ᠠᠢ ᠳᠠ ᠰᠠᠢᠬᠠᠨ ᠨᠤᠲᠤᠭ ᠶᠤᠮ ᠠ᠋ ᠬᠦ 

ᠠᠭᠤᠯᠠᠰ ᠡᠭᠦᠯᠡᠰ ᠭᠦᠨ ᠳ᠋ᠦ᠍ ᠨᠢ  ᠲᠤᠰᠤᠭᠰᠠᠨ 
ᠤᠰᠤᠨ ᠤ᠋ ᠲᠤᠩᠭᠠᠯᠠᠭ ᠬᠥᠳᠡᠭᠡ ᠶᠦᠮ ᠠ᠋ ᠬᠦ
ᠤᠷᠲᠤ ᠨᠠᠰᠤᠯᠠᠵᠤ ᠤᠳᠠᠭᠠᠨ ᠵᠢᠷᠭᠠᠮᠠᠷ
ᠤᠷᠮ᠎ᠠ ᠲᠠᠢ ᠰᠠᠢᠬᠠᠨ ᠨᠤᠲᠤᠭ ᠶᠤᠮ ᠠ᠋ ᠬᠦ

ᠴᠡᠯᠮᠡᠭ ᠲᠩᠷᠢ ᠶ᠋ᠢᠨ ᠣᠳᠣᠳ ᠲᠣᠭᠠᠯᠠᠨ
ᠴᠡᠴᠡᠭ ᠨᠢ ᠲᠦᠭᠡᠭᠰᠡᠨ ᠬᠥᠳᠡᠭᠡ ᠶᠦᠮ ᠠ᠋ ᠬᠦ
ᠴᠡᠪᠡᠷᠬᠡᠨ ᠥᠬᠢᠳ ᠨᠢ ᠬᠠᠨᠢ ᠪᠣᠯᠤᠮᠠᠷ
ᠴᠡᠩᠭᠡᠭᠦᠨ ᠰᠠᠢᠬᠠᠨ ᠨᠤᠲᠤᠭ ᠶᠤᠮ ᠠ᠋ ᠬᠦ

ᠬᠥᠮᠦᠨ ᠦ᠌ ᠰᠠᠨᠠᠭ᠎ᠠ ᠠᠷᠢᠭᠤᠬᠠᠨ ᠴᠠᠭᠠᠨ
ᠬᠦᠷᠢᠶᠡᠯᠡᠵᠦ ᠤᠭᠲᠤᠭᠰᠠᠨ ᠬᠥᠳᠡᠭᠡ ᠶᠦᠮ ᠠ᠋ ᠬᠦ
ᠬᠦᠴᠦᠨ ᠬᠦᠷᠭᠡᠵᠦ ᠪᠦᠯᠢ ᠨᠡᠮᠡᠮᠡᠷ
ᠬᠦᠰᠡᠯᠡᠩᠲᠦ ᠰᠠᠢᠬᠠᠨ ᠨᠤᠲᠤᠭ ᠶᠤᠮ ᠠ᠋ ᠬᠦ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ