ᠬᠥᠭᠡᠷᠦᠬᠦᠢ ᠮᠣᠩᠭᠣᠯᠴᠤᠳ ᠮᠢᠨᠢ ᠮᠡᠨᠳᠦ ᠰᠠᠢᠨ-ᠲᠩᠷᠢ Хөөрхий монголчууд минь манд сайн-Тэнгэр
ᠬᠥᠭᠡᠷᠦᠬᠦᠢ ᠮᠣᠩᠭᠣᠯᠴᠤᠳ ᠮᠢᠨᠢ ᠮᠡᠨᠳᠦ ᠰᠠᠢᠨ
ᠦᠭᠡ ᠠᠶ᠎ᠠ᠄ ᠲᠩᠷᠢ
ᠳᠠᠭᠤᠴᠢᠨ᠄ ᠲᠩᠷᠢ
ᠬᠣᠨᠢᠨ ᠰᠦᠷᠦᠭ ᠬᠥᠳᠡᠭᠡ ᠲᠠᠯ᠎ᠠ ᠳ᠋ᠤ᠌ ᠪᠠᠨ
ᠦᠷᠡᠵᠢᠨ ᠰᠠᠭᠤᠨ᠎ᠠ
ᠬᠣᠯᠠ ᠶ᠋ᠢᠨ ᠬᠣᠯᠠ ᠶ᠋ᠢ ᠵᠣᠷᠢᠭᠠᠳ ᠶᠠᠪᠤᠳᠠᠭ
ᠵᠠᠯᠠᠭᠤ ᠬᠥᠮᠦᠨ ᠦ᠌ ᠵᠠᠩ
ᠮᠣᠷᠢ ᠶ᠋ᠢᠨ ᠬᠢᠨᠢ ᠨᠢᠷᠤᠭᠤᠨ ᠠ᠋ᠴᠠ
ᠥᠩᠭᠡᠷᠡᠨ ᠤᠨᠠᠳᠠᠭ ᠶᠠᠭᠤᠨ ᠠ᠋ᠴᠠ ᠪᠣᠢ
ᠮᠠᠰᠢᠨ ᠲᠡᠷᠭᠡᠨ ᠳ᠋ᠦ᠍ ᠰᠠᠭᠤᠭᠠᠳ ᠶᠠᠪᠤᠳᠠᠭ
ᠢᠷᠡᠭᠡᠳᠦᠢ ᠶ᠋ᠢᠨ ᠵᠠᠮ
ᠬᠥᠭᠡᠷᠦᠬᠦᠢ ᠬᠥᠭᠡᠷᠦᠬᠦᠢ ᠮᠣᠩᠭᠣᠯᠴᠤᠳ ᠮᠢᠨᠢ
ᠮᠡᠨᠳᠦ ᠰᠠᠢᠨ
ᠮᠡᠳᠡᠬᠦ ᠦᠭᠡᠢ ᠭᠠᠵᠠᠷ
ᠮᠡᠷᠭᠡᠨ ᠪᠣᠯᠬᠤ ᠮᠢᠨᠦ ᠰᠠᠨᠠᠭ᠎ᠠ ᠠ᠋
ᠲᠠᠨᠢᠬᠤ ᠦᠭᠡᠢ ᠭᠠᠵᠠᠷ ᠬᠠᠭᠠᠨ ᠪᠣᠯᠬᠤ
ᠮᠢᠨᠦ ᠵᠡᠭᠦᠳᠦ ᠠ᠋
ᠮᠡᠳᠡᠬᠦ ᠦᠭᠡᠢ ᠬᠥᠮᠦᠨ ᠲᠡᠢ
ᠨᠠᠢᠵᠠ ᠪᠣᠯᠬᠤ ᠮᠢᠨᠦ ᠵᠠᠩ ᠰᠢᠦ
ᠲᠠᠨᠢᠬᠤ ᠦᠭᠡᠢ ᠬᠥᠮᠦᠨ ᠲᠡᠢ
ᠨᠠᠷᠭᠢᠵᠤ ᠰᠠᠭᠤᠪᠠᠯ ᠥᠪᠡᠷ ᠢ᠋ᠶ᠋ᠡᠨ ᠮᠡᠳᠡ ᠳᠠ
ᠬᠥᠭᠡᠷᠦᠬᠦᠢ ᠬᠥᠭᠡᠷᠦᠬᠦᠢ ᠮᠣᠩᠭᠣᠯᠴᠤᠳ ᠮᠢᠨᠢ
ᠮᠡᠨᠳᠦ ᠰᠠᠢᠨ
ᠵᠣᠷᠢᠭᠰᠠᠨ ᠵᠠᠮ ᠳ᠋ᠤ᠌ ᠪᠠᠨ ᠵᠣᠷᠢᠭᠤᠯᠵᠤ ᠶᠠᠪᠤᠭᠰᠠᠨ
ᠵᠠᠯᠠᠭᠤ ᠨᠠᠰᠤ ᠮᠢᠨᠢ
ᠵᠢᠷᠭᠠᠬᠤ ᠨᠠᠷᠠᠨ ᠤ᠋ ᠠᠯᠲᠠᠨ ᠲᠤᠶᠠᠭᠠᠨ ᠳ᠋ᠤ᠌ ᠨᠢ
ᠰᠦᠮᠡᠯᠵᠡᠭᠡᠳ ᠪᠠᠢᠨ᠎ᠠ
ᠵᠠᠭᠤᠭᠠᠳ ᠵᠢᠯ ᠦ᠋ᠨ ᠲᠣᠭᠣᠰᠣᠨ ᠳᠤᠮᠳᠠᠭᠤᠷ
ᠮᠥᠯᠬᠥᠭᠰᠡᠨ ᠴᠦ᠍
ᠮᠣᠩᠭᠣᠯ ᠬᠥᠮᠦᠨ ᠦ᠌ ᠬᠡᠢᠮᠣᠷᠢ ᠶ᠋ᠢ
ᠮᠠᠨᠳᠤᠭᠤᠯᠵᠤ ᠶᠠᠪᠤᠨ᠎ᠠ
ᠬᠥᠭᠡᠷᠦᠬᠦᠢ ᠬᠥᠭᠡᠷᠦᠬᠦᠢ ᠮᠣᠩᠭᠣᠯᠴᠤᠳ ᠮᠢᠨᠢ
ᠮᠡᠨᠳᠦ ᠰᠠᠢᠨ
ᠬᠠᠷᠢ ᠶ᠋ᠢᠨ ᠭᠠᠵᠠᠷ ᠬᠠᠮᠤᠭ ᠪᠡᠶ᠎ᠡ ᠮᠢᠨᠢ
ᠠᠯᠵᠢᠶᠠᠷᠠᠭᠰᠠᠨ ᠴᠤ᠌
ᠬᠠᠢᠷᠠᠲᠤ ᠮᠣᠩᠭᠣᠯ ᠤ᠋ᠨ ᠬᠥᠬᠡ ᠰᠣᠶᠣᠯ ᠢ᠋ᠶ᠋ᠠᠨ
ᠤᠯᠠᠮᠵᠢᠯᠠᠵᠤ ᠶᠠᠪᠤᠨ᠎ᠠ
ᠠᠯᠤᠰ ᠤ᠋ᠨ ᠭᠠᠵᠠᠷ ᠬᠠᠮᠤᠭ ᠪᠡᠶ᠎ᠡ ᠮᠢᠨᠢ
ᠮᠥᠩᠬᠡᠷᠡᠭᠰᠡᠨ ᠴᠦ᠍
ᠠᠪᠤ ᠶ᠋ᠢᠨ ᠨᠤᠲᠤᠭ ᠡᠵᠢ ᠶ᠋ᠢᠨ ᠮᠢᠨᠢ ᠪᠠᠷ᠎ᠠ
ᠲᠣᠳᠣᠬᠠᠨ ᠪᠠᠢᠨ᠎ᠠ
ᠬᠥᠭᠡᠷᠦᠬᠦᠢ ᠬᠥᠭᠡᠷᠦᠬᠦᠢ ᠮᠣᠩᠭᠣᠯᠴᠤᠳ ᠮᠢᠨᠢ
ᠮᠡᠨᠳᠦ ᠰᠠᠢᠨ
ᠦᠰᠦᠭ ᠠᠮᠢᠯᠠᠭᠤᠯᠵᠤ ᠬᠠᠲᠠᠭᠰᠠᠨ ᠨᠢ᠄ ᠲᠣᠳᠣᠭᠡᠷᠡᠯ
ᠬᠢᠨᠠᠭᠴᠢ᠄ ᠣᠳᠬᠠᠨᠰᠣ᠎ᠡ᠂ ᠪᠢᠮᠪᠠ
