ᠡᠬᠡ ᠦᠷᠡᠰ ᠦᠨ ᠡᠯᠪᠡᠷᠢᠯ-〔ᠮᠣᠩᠭᠣᠯ ᠲᠤᠯᠭᠠᠲᠤᠨ ᠤ 100 ᠳᠠᠭᠤᠤ〕[Монгол Тулгатны 100 дуу] -Эх үрсийн элбэрэл
ᠡᠬᠡ ᠦᠷᠡᠰ ᠦᠨ ᠡᠯᠪᠡᠷᠢᠯ
ᠠᠶ᠎ᠠ᠄ ᠪᠡᠬᠢᠪᠠᠳᠤ
ᠦᠭᠡ᠄ ᠭᠠᠸᠠᠰᠥ᠋ᠷᠦᠩ
ᠨᠠᠷᠠᠯᠠᠭ ᠬᠣᠷᠸ᠋᠎ᠠ ᠳ᠋ᠤ᠌ ᠵᠢᠷᠭᠠᠬᠤ ᠪᠡᠶ᠎ᠡ ᠶ᠋ᠢ
ᠨᠠᠳᠠ ᠳ᠋ᠠᠭᠠᠨ ᠡᠵᠢ ᠮᠢᠨᠢ ᠵᠠᠶᠠᠭᠠᠭᠰᠠᠨ ᠪᠢᠯᠡ
ᠤᠬᠠᠭᠠᠷᠠᠵᠤ ᠭᠦᠢᠴᠡᠭᠡ ᠦᠭᠡᠢ ᠭᠡᠨᠡᠨ ᠰᠡᠳᠬᠢᠯ ᠢ᠋
ᠠᠭᠤᠵᠢᠮ ᠪᠤᠯᠭᠠᠨ ᠲᠡᠯᠡᠭᠰᠡᠨ ᠪᠢᠯᠡ ᠪᠢᠯᠡ
ᠠ᠁ ᠠᠭᠤᠵᠢᠮ ᠪᠣᠯᠭᠠᠨ ᠲᠡᠯᠡᠭᠰᠡᠨ ᠪᠢᠯᠡ
ᠠᠴᠢᠲᠠᠢ ᠲᠥᠷᠥᠭᠰᠡᠨ ᠰᠠᠢᠬᠠᠨ ᠡᠵᠢ ᠳ᠋ᠡᠭᠡᠨ
ᠠᠵᠠ ᠲᠠᠢ ᠮᠡᠨᠳᠦᠯᠡᠭᠰᠡᠨ ᠦᠷ᠎ᠡ ᠨᠢ ᠪᠢ ᠪᠢᠯᠡ
ᠴᠡᠪᠡᠷ ᠠᠷᠢᠭᠤᠨ ᠡᠵᠢ ᠶ᠋ᠢᠨ ᠢ᠋ᠶ᠋ᠡᠨ ᠰᠡᠳᠬᠢᠯ ᠳ᠋ᠦ᠍
ᠴᠡᠴᠡᠭ ᠨᠢ ᠪᠣᠯᠤᠨ ᠳᠡᠯᠭᠡᠷᠡᠭᠰᠡᠨ ᠪᠢᠯᠡ
ᠠ᠁ᠴᠡᠴᠡᠭ ᠨᠢ ᠪᠣᠯᠤᠨ ᠳᠡᠯᠭᠡᠷᠡᠭᠰᠡᠨ ᠪᠢᠯᠡ
ᠠ᠁ᠴᠡᠴᠡᠭ ᠨᠢ ᠪᠣᠯᠤᠨ ᠳᠡᠯᠭᠡᠷᠡᠭᠰᠡᠨ ᠪᠢᠯᠡ
ᠡᠨᠡ ᠯᠡ ᠬᠣᠷᠸ᠎ᠠ ᠳ᠋ᠤ᠌ ᠬᠦᠦ ᠪᠠᠨ ᠯᠠ ᠭᠡᠰᠡᠨ
ᠡᠬᠡ ᠶ᠋ᠢᠨ ᠬᠠᠢᠷ᠎ᠠ ᠨᠠᠷᠠᠨ ᠪᠢᠯᠡ
ᠦᠷᠡᠰ ᠢ᠋ᠶ᠋ᠡᠨ ᠬᠠᠢᠷᠠᠯᠠᠬᠤ ᠡᠵᠢ ᠶ᠋ᠢᠨ ᠰᠡᠳᠬᠢᠯ
ᠦᠷᠭᠦᠯᠵᠢ ᠮᠥᠩᠬᠡ ᠬᠠᠯᠠᠭᠤᠨ ᠪᠢᠯᠡ
ᠠ ᠁ᠨᠠᠳᠠ ᠳ᠋ᠠᠭᠠᠨ ᠡᠵᠢ ᠮᠢᠨᠢ ᠵᠠᠶᠠᠭᠠᠭᠰᠠᠨ ᠪᠢᠯᠡ
ᠠ ᠁ᠨᠠᠳᠠ ᠳ᠋ᠠᠭᠠᠨ ᠡᠵᠢ ᠮᠢᠨᠢ ᠵᠠᠶᠠᠭᠠᠭᠰᠠᠨ ᠪᠢᠯᠡ
ᠦᠰᠦᠭ ᠠᠮᠢᠯᠠᠭᠤᠯᠤᠭᠴᠢ᠄ ᠲᠡᠭᠰᠢᠮᠥ᠋ᠩᠬᠡ
ᠬᠢᠨᠠᠭᠴᠢ᠄ ᠮᠤᠩᠭᠤᠯᠵᠠᠶᠠᠭ᠎ᠠ