ᠬᠠᠢᠷᠠᠯᠠХайрла ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷᠠᠯᠠХайрла

ᠬᠠᠢᠷᠠᠯᠠХайрла

ᠬᠠᠢᠷᠠᠯᠠ

 ᠪᠤᠷᠬᠠᠨ ᠲᠠᠯ᠎ᠠ ᠠ᠋ᠴᠠ ᠡᠬᠢᠯᠡᠭᠰᠡᠨ 
 ᠪᠤᠭᠤᠷᠤᠯ ᠲᠡᠦᠬᠡ ᠪᠡᠨ ᠬᠠᠢᠷᠠᠯᠠ!
 ᠪᠤᠮᠪᠠ ᠶ᠋ᠢᠨ ᠣᠷᠣᠨ ᠠ᠋ᠴᠠ ᠤᠷᠭᠤᠭᠰᠠᠨ
 ᠵᠠᠩᠭᠠᠷ ᠲᠤᠤᠯᠢ ᠪᠠᠨ ᠴᠤ᠌ ᠬᠠᠢᠷᠠᠯᠠ!
 ᠣᠳᠣᠨ ᠬᠤᠶᠠᠭᠲᠤ ᠲᠩᠷᠢ ᠶ᠋ᠢᠨ
 ᠡᠷᠬᠡᠰ ᠪᠦᠬᠦᠨ ᠢ᠋ ᠬᠠᠢᠷᠠᠯᠠ!
 ᠣᠷᠣᠰᠢᠵᠤ ᠤᠯᠠᠷᠢᠵᠤ ᠢᠷᠡᠭᠰᠡᠨ
 ᠪᠣᠷᠣᠬᠠᠨ ᠠᠮᠢᠳᠤᠷᠠᠯ ᠢ᠋ᠶ᠋ᠠᠨ ᠬᠠᠢᠷᠠᠯᠠ!
 ᠡᠷᠬᠡ ᠪᠠᠭᠠᠴᠤᠳ ᠢ᠋
 ᠦᠷᠭᠦᠯᠵᠢᠯᠡᠯ ᠭᠡᠮᠡᠨ  ᠬᠠᠢᠷᠠᠯᠠ!
 ᠡᠵᠢ ᠠᠪᠤ ᠪᠠᠨ ᠠᠴᠢᠯᠠᠯ ᠭᠡᠮᠡᠨ ᠬᠠᠢᠷᠠᠯᠠ! 
 ᠡᠩᠬᠦᠷᠡᠢ ᠨᠤᠲᠤᠭ ᠢ᠋ᠶ᠋ᠠᠨ ᠭᠡᠷ ᠭᠡᠮᠡᠨ ᠬᠠᠢᠷᠠᠯᠠ!
 ᠡᠨᠡᠷᠢᠩᠭᠦᠢ ᠲᠦᠮᠡᠨ ᠢ᠋ᠶ᠋ᠡᠨ ᠰᠡᠳᠬᠢᠯ ᠭᠡᠮᠡᠨ ᠬᠠᠢᠷᠠᠯᠠ!
 ᠵᠠᠭᠤᠨ ᠬᠦᠯᠦᠭ ᠦ᠋ᠨ ᠵᠢᠯᠣᠭᠣ ᠡᠷᠭᠦᠨ ᠳᠣᠪᠲᠣᠯᠭᠠᠭᠲᠤᠨ!
 ᠵᠠᠭᠤᠨ ᠮᠢᠩᠭᠠᠨ ᠤ᠋ ᠬᠠᠭᠤᠴᠢ ᠤᠯᠪᠠᠭᠠᠯᠠᠵᠤ ᠴᠠᠬᠢᠭᠰᠠᠨ
 ᠵᠢᠷᠠᠨ ᠵᠢᠷᠠᠨ ᠢ᠋ᠶ᠋ᠠᠷ ᠣᠨ ᠲᠣᠭᠠᠴᠢᠵᠤ ᠥᠩᠭᠡᠷᠡᠭᠲᠦᠨ!
 ᠽᠠᠮᠪᠤᠲᠢᠪ ᠤ᠋ᠨ ᠮᠥᠩᠭᠥᠨ ᠡᠯᠢᠭᠡᠨ ᠳ᠋ᠦ᠍ ᠳᠡᠭᠳᠡᠷᠡᠭᠰᠡᠨ
 ᠤᠶᠠᠩᠭ᠎ᠠ ᠶ᠋ᠢᠨ ᠤᠶᠠᠬᠠᠨ ᠠᠶᠠᠰ ᠢ᠋ ᠬᠠᠢᠷᠠᠯᠠ!
 ᠤᠬᠠᠭᠠᠨ ᠤ᠋ ᠳᠠᠷᠬᠠᠨ ᠬᠥᠮᠦᠰ ᠢ᠋ ᠬᠠᠢᠷᠠᠯᠠ!
 ᠤᠳᠬ᠎ᠠ ᠶ᠋ᠢᠨ ᠭᠦᠨ ᠴᠢᠨᠠᠷ ᠢ᠋ ᠬᠠᠢᠷᠠᠯᠠ!
 ᠦᠨᠡᠨ ᠦ᠌ ᠤᠯᠠᠮ ᠴᠢᠨᠠᠷ ᠢ᠋ ᠬᠠᠢᠷᠠᠯᠠ!
 ᠦᠷ᠎ᠡ ᠶ᠋ᠢ ᠴᠢᠨᠢ ᠲᠥᠷᠥᠭᠰᠡᠨ ᠬᠠᠨᠢ ᠪᠠᠨ ᠬᠠᠢᠷᠠᠯᠠ!
 ᠥᠪᠡᠷ ᠢ᠋ ᠴᠢᠨᠢ ᠮᠡᠨᠳᠦᠯᠡᠭᠦᠯᠦᠭᠰᠡᠨ ᠡᠵᠢ ᠪᠡᠨ ᠬᠠᠢᠷᠠᠯᠠ!
 ᠬᠦᠢ ᠶ᠋ᠢ ᠴᠢᠨᠢ ᠲᠠᠰᠤᠯᠤᠭᠰᠠᠨ ᠴᠢᠯᠠᠭᠤ ᠪᠠᠨ ᠬᠠᠢᠷᠠᠯᠠ!
 ᠬᠥᠮᠦᠨ ᠭᠡᠵᠦ ᠤᠭᠲᠤᠭᠰᠠᠨ ᠬᠣᠷᠸ᠎ᠠ ᠪᠠᠨ ᠬᠠᠢᠷᠠᠯᠠ!
 ᠭᠠᠭᠴᠠ ᠣᠯᠳᠠᠬᠤ ᠨᠠᠰᠤ ᠪᠠᠨ ᠬᠠᠢᠷᠠᠯᠠ!
 ᠭᠠᠩᠭᠠᠩ ᠰᠠᠢᠬᠠᠨ ᠪᠡᠶ᠎ᠡ ᠪᠡᠨ ᠴᠦ᠍ ᠬᠠᠢᠷᠠᠯᠠ!
 ᠣᠯᠵᠤ ᠠᠯᠳᠠᠬᠤ ᠤᠴᠠᠷᠠᠯ ᠪᠦᠬᠦᠨ ᠢ᠋ ᠬᠠᠢᠷᠠᠯᠠ!
 ᠣᠮᠣᠭ ᠵᠣᠷᠢᠭ ᠰᠡᠳᠬᠢᠯ ᠪᠦᠬᠦᠨ ᠢ᠋ ᠬᠠᠢᠷᠠᠯᠠ!

  ᠦᠰᠦᠭ ᠠᠮᠢᠯᠠᠭᠤᠯᠤᠨ ᠬᠠᠳᠠᠭᠴᠢ᠄ ᠵᠡᠷᠮᠦᠳ ᠸ· ᠥᠯᠵᠡᠢ
  ᠬᠢᠨᠠᠭᠴᠢ᠄ ᠬᠦᠳᠡᠷᠪᠣᠯᠣᠳ