ᠡᠪᠦᠯ ᠬᠠᠢᠷ᠎ᠠ-ᠪᠢᠴᠦᠦБичүү - Өвөл хайр _ Bichuu - Uvul hair
ᠡᠪᠦᠯ ᠬᠠᠢᠷ᠎ᠠ
ᠪᠢᠴᠣᠣ ᠳᠠᠭᠤᠯᠠᠨ᠎ᠠ
ᠳᠠᠬᠢᠨ ᠴᠠᠰᠤᠨ ᠰᠢᠷᠬᠡᠭ ᠪᠤᠲᠠᠷᠠᠯᠠ
ᠳᠠᠯᠳᠠ ᠠ᠋ᠴᠠ ᠬᠦᠪᠦᠷᠡᠬᠦ ᠭᠤᠨᠢᠭ ᠮᠢᠨᠢ ᠵᠠᠮᠬᠠᠷᠠᠯ᠎ᠠ
ᠣᠴᠢᠬᠤ ᠬᠠᠶᠢᠭ᠋ ᠦᠭᠡᠢ ᠵᠠᠬᠢᠳᠠᠯ ᠮᠢᠨᠢ ᠬᠠᠭᠤᠴᠢᠷᠠᠬᠤ ᠳ᠋ᠤ᠌
ᠣᠳᠣᠳ ᠤ᠋ᠨ ᠳ᠋ᠧᠩ ᠦ᠋ᠨ ᠭᠡᠷᠡᠯ ᠤᠨᠲᠠᠷᠠᠨ᠎ᠠ
ᠣᠳᠣ ᠠ᠋ᠴᠠ ᠡᠬᠢᠯᠡᠬᠦ ᠳᠤᠷᠠᠯᠠᠯ ᠮᠢᠨᠢ ᠨᠠᠳᠠ ᠳ᠋ᠤ᠌ ᠦᠯᠡᠳᠡᠬᠦ ᠦᠦ
ᠰᠠᠶᠢᠬᠠᠨ ᠪᠤᠲᠠᠷᠠᠭᠰᠠᠨ ᠰᠢᠨᠡᠬᠡᠨ ᠴᠠᠰᠤᠨ ᠠ᠋ᠴᠠ
ᠰᠠᠨᠠᠭᠠᠨ ᠳ᠋ᠤ᠌ ᠦᠭᠡᠢ ᠢᠷᠡᠬᠦ ᠡᠳᠦᠷ ᠦ᠋ᠳ ᠬᠥᠪᠥᠷᠡᠨᠡ
ᠥᠮᠴᠢᠯᠡᠬᠦ ᠡᠷᠬᠡ ᠦᠭᠡᠢ ᠵᠢᠷᠦᠬᠡ ᠮᠢᠨᠢ ᠳᠣᠭᠳᠣᠯᠬᠤ ᠳ᠋ᠤ᠌
ᠥᠭᠡᠳᠡᠰᠦᠨ ᠴᠢᠨᠡᠭᠡᠨ ᠰᠢᠪᠠᠭᠤᠬᠠᠢ ᠡᠷᠭᠢᠯᠳᠦᠨ᠎ᠡ
ᠥᠨᠥᠳᠥᠷ ᠡᠴᠡ ᠬᠣᠢᠰᠢ ᠰᠡᠳᠬᠢᠯ ᠮᠢᠨᠢ ᠲᠡᠮᠡᠦᠯᠬᠦ ᠬᠡ ᠦᠦ
ᠴᠢ ᠮᠢᠨᠢ ᠨᠠᠮ᠎ᠠ ᠪᠠᠨ ᠡᠩᠬᠦᠷᠡᠢᠯᠡᠭᠡᠴᠢ ᠬᠠᠢᠷᠠᠯᠠᠭᠠᠴᠢ
ᠴᠢᠮᠡᠭᠡ ᠦᠭᠡᠢ ᠨᠠᠳᠠ ᠤᠷᠤᠭᠤ ᠪᠠᠨ ᠬᠠᠷᠠᠭᠠᠳ ᠵᠥᠭᠡᠯᠡᠨ ᠢᠨᠢᠶᠡᠮᠰᠦᠭᠯᠡᠭᠡᠴᠢ
ᠦᠨᠡᠨ ᠳᠤᠷᠠᠯᠠᠭᠰᠠᠨ ᠰᠡᠳᠬᠢᠯ ᠦ᠋ᠨ ᠵᠢᠯᠣᠭᠣ ᠪᠠᠨ
ᠳᠡᠢᠯᠬᠦ ᠦᠭᠡᠢ ᠨᠢ ᠬᠣᠩᠭᠣᠷ ᠮᠢᠨᠢ ᠬᠠᠢᠷᠠᠲᠤ ᠮᠢᠨᠢ
ᠦᠨᠡᠬᠡᠷ ᠪᠢ ᠴᠢᠨᠢ ᠴᠢᠮ᠎ᠠ ᠳ᠋ᠤ᠌ ᠪᠠᠨ ᠬᠠᠢᠷᠠᠲᠠᠢ
ᠬᠠᠮᠤᠭ ᠠ᠋ᠴᠠ ᠨᠠᠨᠳᠢᠨ ᠢᠲᠡᠭᠡᠯ ᠮᠢᠨᠢ ᠠᠷᠢᠭᠤᠬᠠᠨ
᠂
ᠬᠠᠮᠢᠭ᠎ᠠ ᠠ᠋ᠴᠠ ᠢᠷᠡᠭᠰᠡᠨ ᠵᠢᠷᠭᠠᠯ ᠪᠣᠢ ᠴᠢ ᠮᠢᠨᠢ
ᠬᠠᠵᠠᠭᠤ ᠳ᠋ᠤ᠌ ᠴᠢᠨᠢ ᠭᠤᠨᠢᠬᠤ ᠡᠷᠬᠡ ᠦᠭᠡᠢ ᠶᠦᠮ ᠪᠣᠯᠬᠣᠷ
ᠬᠠᠢᠷ᠎ᠠ ᠶ᠋ᠢᠨ ᠲᠠᠪᠢᠯᠠᠩ ᠤᠴᠠᠷᠠᠯ ᠮᠢᠨᠢ ᠮᠥᠩᠬᠡᠷᠡᠬᠦ ᠳ᠋ᠦ᠍
ᠬᠠᠳᠠᠨ ᠤᠯᠠᠷᠢᠯ ᠡᠪᠦᠯ ᠦ᠋ᠨ ᠳᠠᠭᠤᠤ ᠪᠠᠨ ᠳᠠᠭᠤᠯᠠᠨ᠎ᠠ
ᠬᠠᠮᠤᠭ ᠠ᠋ᠴᠠ ᠨᠠᠨᠳᠢᠨ ᠢᠲᠡᠭᠡᠯ ᠮᠢᠨᠢ ᠠᠷᠢᠭᠤᠬᠠᠨ
ᠴᠢ ᠮᠢᠨᠢ ᠨᠠᠮ᠎ᠠ ᠪᠠᠨ ᠡᠩᠬᠦᠷᠡᠢᠯᠡᠭᠡᠴᠢ ᠬᠠᠢᠷᠠᠯᠠᠭᠠᠴᠢ
ᠴᠢᠮᠡᠭᠡ ᠦᠭᠡᠢ ᠨᠠᠳᠠ ᠤᠷᠤᠭᠤ ᠪᠠᠨ ᠬᠠᠷᠠᠭᠠᠳ ᠵᠥᠭᠡᠯᠡᠨ ᠢᠨᠢᠶᠡᠮᠰᠦᠭᠯᠡᠭᠡᠴᠢ
ᠦᠨᠡᠨ ᠳᠤᠷᠠᠯᠠᠭᠰᠠᠨ ᠰᠡᠳᠬᠢᠯ ᠦ᠋ᠨ ᠵᠢᠯᠣᠭᠣ ᠪᠠᠨ
ᠳᠡᠢᠯᠬᠦ ᠦᠭᠡᠢ ᠨᠢ ᠬᠣᠩᠭᠣᠷ ᠮᠢᠨᠢ ᠬᠠᠢᠷᠠᠲᠤ ᠮᠢᠨᠢ
ᠦᠨᠡᠬᠡᠷ ᠪᠢ ᠴᠢᠨᠢ ᠴᠢᠮ᠎ᠠ ᠳ᠋ᠤ᠌ ᠪᠠᠨ ᠬᠠᠢᠷᠠᠲᠠᠢ
ᠬᠠᠮᠤᠭ ᠠ᠋ᠴᠠ ᠨᠠᠨᠳᠢᠨ ᠢᠲᠡᠭᠡᠯ ᠮᠢᠨᠢ ᠠᠷᠢᠭᠤᠬᠠᠨ
ᠦᠰᠦᠭ ᠬᠠᠲᠠᠵᠤ ᠦᠰᠦᠭ ᠠᠮᠢᠯᠠᠭᠤᠯᠤᠭᠰᠠᠨ ᠨᠢ᠄ ᠥᠨᠢᠮᠥ᠋ᠩᠬᠡ
ᠬᠢᠨᠠᠭᠴᠢ ᠪᠠᠭᠰᠢ᠄ ᠤᠶᠠᠬᠠᠨ
