ᠠᠪᠤ ᠳ᠋ᠤ᠌ ᠪᠠᠨ ᠪᠢ ᠬᠠᠢᠷᠠᠲᠠᠢ-ᠬᠤᠷᠳᠤХурд - Аавдаа би хайртай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤ ᠳ᠋ᠤ᠌ ᠪᠠᠨ ᠪᠢ ᠬᠠᠢᠷᠠᠲᠠᠢ-ᠬᠤᠷᠳᠤХурд - Аавдаа би хайртай

ᠠᠪᠤ ᠳ᠋ᠤ᠌ ᠪᠠᠨ ᠪᠢ ᠬᠠᠢᠷᠠᠲᠠᠢ-ᠬᠤᠷᠳᠤХурд - Аавдаа би хайртай

ᠠᠩᠭᠢᠯᠠᠯ:ᠳᠠᠭᠤᠤ ᠬᠥᠭᠵᠢᠮ
2024-12-04

1167

ᠠᠪᠤ ᠳ᠋ᠤ᠌ ᠪᠠᠨ ᠪᠢ ᠬᠠᠢᠷᠠᠲᠠᠢ

   ᠦᠭᠡ᠄ ᠭ· ᠴᠢᠯᠠᠵᠠᠪ 
   ᠠᠶ᠎ᠠ᠄ ᠰ· ᠢᠰᠢᠬᠦᠦ 
   — ᠬᠤᠷᠳᠤ ᠬᠠᠮᠲᠤᠯᠢᠭ 
ᠨᠠᠮᠤᠷ ᠤ᠋ᠨ ᠪᠣᠷᠣᠭ᠎ᠠ ᠵᠥᠭᠡᠯᠡᠨ ᠰᠢᠪᠡᠷᠡᠬᠦ ᠳ᠋ᠦ᠍ ᠠᠪᠤ ᠮᠢᠨᠢ ᠳᠠᠩᠴᠤ ᠳᠤᠷᠠᠲᠠᠢ 
ᠨᠠᠰᠤ ᠶ᠋ᠢ ᠨᠢ ᠵᠥᠭᠡᠭᠡᠵᠦ ᠪᠤᠴᠠᠭᠰᠠᠭᠠᠷ ᠪᠠᠢᠭ᠎ᠠ ᠰᠢᠪᠠᠭᠤᠳ ᠲᠤ᠌ ᠬᠠᠢᠷᠠᠲᠠᠢ 
ᠥᠪᠡᠷ ᠢ᠋ᠶ᠋ᠡᠨ ᠥᠲᠡᠯᠪᠡᠴᠦ ᠣᠷᠴᠢᠯᠠᠩ ᠳ᠋ᠤ᠌ ᠦᠯᠡᠳᠡᠨ᠎ᠡ ᠭᠡᠵᠦ ᠨᠠᠳᠠ ᠳ᠋ᠤ᠌ ᠪᠠᠨ ᠬᠠᠢᠷᠠᠲᠠᠢ 
ᠡᠳᠦᠷ ᠡᠴᠡ ᠡᠳᠦᠷ ᠲᠦ᠍ ᠬᠣᠯᠠᠳᠠᠭᠰᠠᠭᠠᠷ ᠪᠠᠢᠭ᠎ᠠ ᠠᠪᠤ ᠳ᠋ᠤ᠌ ᠪᠠᠨ ᠪᠢ ᠬᠠᠢᠷᠠᠲᠠᠢ 
ᠨᠢᠭᠡ ᠯᠡ ᠨᠠᠮᠤᠷ ᠮᠢᠨᠦ ᠢᠵᠢᠯ ᠵᠠᠯᠠᠭᠤ ᠶᠠᠪᠤᠭᠰᠠᠨ ᠠᠪᠤ ᠮᠢᠨᠢ
ᠡᠭᠡᠯ ᠵᠢᠷ ᠦ᠋ᠨ ᠬᠣᠨᠣᠭ ᠤ᠋ᠨ ᠡᠷᠭᠢᠯᠲᠡ ᠳ᠋ᠦ᠍ ᠡᠯᠡᠭᠳᠡᠵᠦ ᠥᠲᠡᠯᠵᠡᠢ
ᠡᠷᠭᠢᠵᠦ ᠲᠣᠭᠣᠷᠢᠭᠰᠠᠨ ᠬᠣᠷᠸ᠎ᠠ ᠶ᠋ᠢᠨ ᠰᠢᠷᠭᠠᠯ ᠨᠠᠮᠤᠷ ᠤ᠋ᠳ
ᠡᠴᠢᠭᠡ ᠶ᠋ᠢᠨ ᠮᠢᠨᠢ ᠵᠤᠯᠠᠢ ᠶ᠋ᠢ ᠵᠢᠷᠤᠨ ᠰᠢᠪᠠᠭᠤᠳ ᠲᠠᠢ ᠪᠤᠴᠠᠨ ᠣᠳᠴᠠᠢ
ᠰᠢᠷ᠎ᠠ ᠨᠠᠷᠠᠨ ᠤᠯᠠᠮ ᠤᠯᠠᠮ ᠠᠯᠤᠰᠯᠠᠭᠠᠳ
ᠰᠠᠶᠢᠬᠠᠨ ᠨᠣᠭᠣᠭᠠᠨ ᠪᠠᠢᠭᠰᠠᠨ ᠨᠠᠪᠴᠢ ᠬᠠᠲᠠᠯ᠎ᠠ
ᠠᠯᠤᠰ ᠤ᠋ᠨ ᠵᠠᠮ ᠠᠪᠤ ᠶ᠋ᠢᠨ ᠬᠠᠷᠠᠴᠠ ᠰᠢᠭ᠋ ᠰᠦᠮᠡᠢᠭᠡᠳ
ᠠᠶ᠎ᠠ ᠨᠠᠮᠤᠷ ᠴᠠᠭ ᠨᠠᠳᠠ ᠠ᠋ᠴᠠ ᠨᠢᠭᠡ ᠶ᠋ᠢ ᠨᠡᠬᠡᠭᠡ ᠤᠤ
ᠰᠢᠪᠠᠭᠤᠳ ᠪᠤᠴᠠᠬᠤ ᠪᠣᠯᠲᠠᠯ᠎ᠠ ᠨᠢᠭᠡ ᠯᠡ ᠨᠠᠰᠤ ᠪᠠᠨ ᠠᠪᠤ ᠮᠢᠨᠢ ᠲᠠ ᠥᠭᠭᠦᠭᠰᠡᠨ
ᠰᠢᠯᠤᠭᠤᠨ ᠪᠠᠢᠭᠰᠠᠨ ᠨᠢᠷᠤᠭᠤ ᠨᠢ ᠤᠯᠠᠷᠢᠬᠤ ᠨᠠᠮᠤᠷ ᠤ᠋ᠨ ᠰᠠᠯᠬᠢᠨ ᠳ᠋ᠤ᠌ ᠭᠠᠩᠬᠤᠭᠰᠠᠭᠠᠷ
ᠡᠷᠭᠢᠵᠦ ᠲᠡᠨᠢᠢᠬᠦ ᠦᠭᠡᠢ ᠡᠪᠦᠭᠡᠨ ᠬᠤᠰᠤ ᠮᠣᠳᠣ ᠰᠢᠭ᠋
ᠡᠬᠡ ᠭᠠᠵᠠᠷ ᠲᠤ᠌ ᠪᠠᠨ ᠲᠠᠲᠠᠭᠳᠠᠨ ᠶᠠᠪᠤᠭᠰᠠᠭᠠᠷ ᠠᠪᠤ ᠮᠢᠨᠢ ᠪᠥᠬᠥᠢᠵᠡᠢ
ᠤᠨᠠᠬᠤ ᠪᠣᠯᠲᠠᠯ᠎ᠠ ᠠᠭᠤᠳᠠᠮ ᠶᠡᠬᠡ ᠵᠠᠢ ᠳ᠋ᠤ᠌ ᠪᠠᠢᠭ᠎ᠠ ᠴᠤ᠌ ᠤᠤ ᠦᠭᠡᠢ ᠴᠤ᠌ ᠤᠤ
ᠤᠰᠤᠨ ᠤ᠋ ᠰᠢᠪᠠᠭᠤᠳ ᠢ᠋ ᠪᠤᠴᠠᠭᠠᠳ ᠢᠷᠡᠬᠦ ᠳ᠋ᠦ᠍ ᠪᠠᠢᠬᠤ ᠴᠤ᠌ ᠤᠤ ᠦᠭᠡᠢ ᠴᠤ᠌ ᠤᠤ
ᠣᠨ ᠵᠢᠯ ᠡᠭᠡᠯᠵᠢᠯᠡᠪᠡᠴᠦ ᠬᠣᠷᠢᠵᠤ ᠯᠠ ᠦᠯᠦ ᠪᠣᠯᠤᠨ᠎ᠠ
ᠣᠯᠠᠨ ᠰᠠᠢᠬᠠᠨ ᠦᠷ᠎ᠡ ᠲᠡᠢ ᠮᠥᠷᠳᠡᠯ᠎ᠡ ᠪᠡᠨ ᠠᠪᠤ ᠮᠢᠨᠢ ᠪᠥᠬᠥᠢᠭᠰᠡᠨ
ᠰᠢᠷ᠎ᠠ ᠨᠠᠷᠠᠨ ᠤᠯᠠᠮ ᠤᠯᠠᠮ ᠠᠯᠤᠰᠯᠠᠭᠠᠳ
ᠰᠠᠶᠢᠬᠠᠨ ᠨᠣᠭᠣᠭᠠᠨ ᠪᠠᠢᠭᠰᠠᠨ ᠡᠪᠡᠰᠦ ᠨᠠᠪᠴᠢ ᠬᠠᠲᠠᠯ᠎ᠠ
ᠠᠯᠤᠰ ᠤ᠋ᠨ ᠵᠠᠮ ᠠᠪᠤ ᠶ᠋ᠢᠨ ᠬᠠᠷᠠᠴᠠ ᠰᠢᠭ᠋ ᠰᠦᠮᠡᠢᠭᠡᠳ
ᠠᠶ᠎ᠠ ᠨᠠᠮᠤᠷ ᠴᠠᠭ ᠨᠠᠳᠠ ᠠ᠋ᠴᠠ ᠨᠢᠭᠡ ᠶ᠋ᠢ ᠨᠡᠬᠡᠭᠡ ᠤᠤ
   ᠦᠰᠦᠭ ᠬᠠᠲᠠᠵᠤ ᠦᠰᠦᠭ ᠠᠮᠢᠯᠠᠭᠤᠯᠤᠭᠰᠠᠨ ᠨᠢ᠄ ᠥᠨᠢᠮᠥ᠋ᠩᠬᠡ
   ᠬᠢᠨᠠᠭᠴᠢ ᠪᠠᠭᠰᠢ᠄ ᠤᠶᠠᠬᠠᠨ

Аавдаа би хайртай
Хурд

Намрын бороо зөөлөн шиврэхэд аав минь даанч дуртай
Насыг нь зөөж буцсаар байгаа шувуудад хайртай
Өөрөө өтлөвч орчлонд үлдэнэ гэж наддаа хайртай
Өдрөөс өдөрт холдсоор байгаа аавдаа би хайртай

Нэг л намар миний ижил залуу явсан аав минь
Эгэл жирийн хоногийн эргэлтэнд элэгдэж өтөлжээ
Эргэж тойрсон хорвоогийн шаргал намрууд
Эцгийн минь зулайг зуран шувуудтай буцан оджээ

Шар наран улам улам алслаад
Саяхан ногоон байсан өвс навч гандаад
Алсын зам аавын харц шиг сүүмийгээд
Аяа намар цаг надаас нэгийг нэхээ юу

Шувууд буцах болгонд нэг л насаа аав минь та өгсөн
Шулуун байсан нуруу нь улирах намрын салхинд ганхсаар
Эргэж тэнийхгүй өвгөн хус мод шиг
Эх газартаа татагдан явсаар аав минь бөхийжээ

Унах болтлоо уудам их зай байгаа ч уу үгүй ч үү
Усны шувуудыг буцаад ирэхэд байх ч уу үгүй ч үү
Он жил хэлж ирэвч хорьж үл болно
Олон сайхан үртэй мөртлөө аав минь бөхийсөөр

Шар наран улам улам алслаад
Саяхан ногоон байсан өвс навч гандаад
Алсын зам аавын харц шиг сүүмийгээд
Аяа намар цаг надаас нэгийг нэхээ юу