ᠪᠢ ᠴᠢᠮ᠎ᠠ ᠳᠤ ᠪᠠᠨ -ᠠᠨᠠᠷБи чамдаа-АнарAnar - Bi Chamdaa
ᠪᠢ ᠴᠢᠮ᠎ᠠ ᠳᠤ ᠪᠠᠨ
ᠦᠭᠡ᠄ ᠮ· ᠴᠡᠷᠡᠩᠲᠣᠭᠲᠣᠬᠤ
ᠠᠶ᠎ᠠ᠄ ᠭ᠂ ᠠᠮᠤᠭᠤᠯᠠᠩ
— ᠪᠣᠷᠤᠬᠦᠦ ᠶ᠋ᠢᠨ ᠠᠨᠠᠷ ᠳᠠᠭᠤᠯᠠᠨ᠎ᠠ
ᠪᠢ ᠴᠢᠮ᠎ᠠ ᠳ᠋ᠤ᠌ ᠪᠠᠨ ᠪᠤᠯᠠᠭ ᠤ᠋ᠨ ᠤᠰᠤ ᠰᠢᠭ᠋ ᠬᠠᠢᠷ᠎ᠠ ᠪᠠᠨ ᠥᠭᠭᠦᠯ᠎ᠡ
ᠪᠢ ᠴᠢᠮ᠎ᠠ ᠳ᠋ᠤ᠌ ᠪᠠᠨ ᠪᠤᠴᠠᠵᠤ ᠤᠷᠤᠰᠬᠤ ᠦᠭᠡᠢ ᠰᠡᠳᠬᠢᠯ ᠢ᠋ᠶ᠋ᠡᠨ ᠥᠭᠭᠦᠯ᠎ᠡ
ᠪᠢ ᠴᠢᠮ᠎ᠠ ᠳ᠋ᠤ᠌ ᠪᠠᠨ ᠬᠠᠮᠤᠭ ᠤ᠋ᠨ ᠨᠠᠨᠳᠢᠨ ᠢᠲᠡᠭᠡᠯ ᠢ᠋ᠶ᠋ᠡᠨ ᠥᠭᠭᠦᠯ᠎ᠡ
ᠪᠢ ᠴᠢᠮ᠎ᠠ ᠳ᠋ᠤ᠌ ᠪᠠᠨ ᠬᠠᠢᠷ᠎ᠠ ᠶ᠋ᠢᠨ ᠰᠠᠢᠬᠠᠨ ᠳᠠᠭᠤᠤ ᠪᠠᠨ ᠵᠣᠷᠢᠭᠤᠯᠤᠯ᠎ᠠ
ᠳᠡᠷᠭᠡᠳᠡ ᠮᠢᠨᠢ ᠪᠠᠢᠭᠰᠠᠨ ᠴᠤ᠌ ᠰᠠᠨᠠᠬᠤ ᠶᠤᠮ ᠴᠢᠮ᠎ᠠ ᠶ᠋ᠢ ᠪᠡᠨ
ᠳᠡᠩᠳᠡᠭᠦᠦ ᠰᠠᠢᠬᠠᠨ ᠦᠨᠦᠷ ᠲᠦ᠍ ᠴᠢᠨᠢ ᠠᠭᠤᠰᠬᠤ ᠶᠤᠮ
ᠲᠡᠪᠡᠷᠢᠨ ᠵᠣᠭᠰᠣᠬᠤ ᠳ᠋ᠤ᠌ ᠪᠠᠨ ᠳᠤᠷᠠᠯᠠᠬᠤ ᠶᠤᠮ ᠴᠢᠮ᠎ᠠ ᠳ᠋ᠤ᠌ ᠪᠠᠨ
ᠲᠩᠷᠢᠯᠢᠭ ᠠᠷᠢᠭᠤᠬᠠᠨ ᠬᠠᠢᠷ᠎ᠠ ᠶ᠋ᠢ ᠣᠯᠵᠠᠢ ᠪᠢ
ᠪᠢ ᠴᠢᠮ᠎ᠠ ᠳ᠋ᠤ᠌ ᠪᠠᠨ ᠤᠬᠠᠭᠠᠷᠠᠵᠤ ᠲᠤᠭᠤᠯᠤᠭᠰᠠᠨ ᠦᠨᠡᠨ ᠢ᠋ᠶ᠋ᠡᠨ ᠬᠡᠯᠡᠯ᠎ᠡ
ᠪᠢ ᠴᠢᠮ᠎ᠠ ᠳ᠋ᠤ᠌ ᠪᠠᠨ ᠤᠷᠭᠤᠵᠤ ᠠᠮᠢᠳᠤᠷᠠᠬᠤ ᠬᠦᠰᠡᠯ ᠢ᠋ᠶ᠋ᠡᠨ ᠰᠢᠪᠡᠨᠡᠯ᠎ᠡ
ᠪᠢ ᠴᠢᠮ᠎ᠠ ᠳ᠋ᠤ᠌ ᠪᠠᠨ ᠠᠭᠤᠯᠵᠠᠬᠤ ᠪᠦᠷᠢ ᠳ᠋ᠦ᠍ ᠪᠡᠨ ᠠᠭᠤᠰᠤᠨ ᠰᠢᠩᠭᠡᠯ᠎ᠡ
ᠪᠢ ᠴᠢᠮ᠎ᠠ ᠳ᠋ᠤ᠌ ᠪᠠᠨ ᠤᠯᠠᠮ ᠶᠡᠬᠡ ᠪᠡᠷ ᠤᠶᠠᠷᠠᠨ ᠳᠤᠷᠠᠯᠠᠯ᠎ᠠ
ᠳᠡᠷᠭᠡᠳᠡ ᠮᠢᠨᠢ ᠪᠠᠢᠭᠰᠠᠨ ᠴᠤ᠌ ᠰᠠᠨᠠᠬᠤ ᠶᠤᠮ ᠴᠢᠮ᠎ᠠ ᠶ᠋ᠢ ᠪᠡᠨ
ᠳᠡᠩᠳᠡᠭᠦᠦ ᠰᠠᠢᠬᠠᠨ ᠦᠨᠦᠷ ᠲᠦ᠍ ᠴᠢᠨᠢ ᠠᠭᠤᠰᠬᠤ ᠶᠤᠮ
ᠲᠡᠪᠡᠷᠢᠨ ᠵᠣᠭᠰᠣᠬᠤ ᠳ᠋ᠤ᠌ ᠪᠠᠨ ᠳᠤᠷᠠᠯᠠᠬᠤ ᠶᠤᠮ ᠴᠢᠮ᠎ᠠ ᠳ᠋ᠤ᠌ ᠪᠠᠨ
ᠲᠩᠷᠢᠯᠢᠭ ᠠᠷᠢᠭᠤᠬᠠᠨ ᠬᠠᠢᠷ᠎ᠠ ᠶ᠋ᠢ ᠣᠯᠵᠠᠢ ᠪᠢ
᠂
ᠪᠢ ᠴᠢᠮ᠎ᠠ ᠳ᠋ᠤ᠌ ᠪᠠᠨ ᠴᠡᠴᠡᠭᠲᠦ ᠲᠠᠯ᠎ᠠ ᠶ᠋ᠢ ᠳᠤᠭᠤᠯᠤᠭᠠᠳ ᠲᠡᠮᠡᠦᠯᠦᠯᠡ
ᠪᠢ ᠴᠢᠮ᠎ᠠ ᠳ᠋ᠤ᠌ ᠪᠠᠨ ᠴᠡᠩᠬᠡᠷ ᠳᠠᠯᠠᠢ ᠶ᠋ᠢ ᠭᠠᠲᠤᠯᠤᠭᠠᠳ ᠢᠷᠡᠯ᠎ᠡ
ᠪᠢ ᠴᠢᠮ᠎ᠠ ᠳ᠋ᠤ᠌ ᠪᠠᠨ ᠡᠭᠦᠷᠢᠳᠡ ᠶ᠋ᠢᠨ ᠬᠠᠢᠷ᠎ᠠ ᠪᠠᠨ ᠠᠭᠤᠳᠠᠯᠤᠨ ᠠᠮᠠᠯᠠᠯ᠎ᠠ
ᠪᠢ ᠴᠢᠮ᠎ᠠ ᠳ᠋ᠤ᠌ ᠪᠠᠨ ᠥᠨᠢ ᠶ᠋ᠢᠨ ᠨᠠᠷᠠ ᠶ᠋ᠢ ᠮᠠᠨᠳᠤᠭᠤᠯᠵᠤ ᠵᠢᠷᠭᠠᠯ᠎ᠠ
ᠳᠡᠷᠭᠡᠳᠡ ᠮᠢᠨᠢ ᠪᠠᠢᠭᠰᠠᠨ ᠴᠤ᠌ ᠰᠠᠨᠠᠬᠤ ᠶᠤᠮ ᠴᠢᠮ᠎ᠠ ᠶ᠋ᠢ ᠪᠡᠨ
ᠳᠡᠩᠳᠡᠭᠦᠦ ᠰᠠᠢᠬᠠᠨ ᠦᠨᠦᠷ ᠲᠦ᠍ ᠴᠢᠨᠢ ᠠᠭᠤᠰᠬᠤ ᠶᠤᠮ
ᠲᠡᠪᠡᠷᠢᠨ ᠵᠣᠭᠰᠣᠬᠤ ᠳ᠋ᠤ᠌ ᠪᠠᠨ ᠳᠤᠷᠠᠯᠠᠬᠤ ᠶᠤᠮ ᠴᠢᠮ᠎ᠠ ᠳ᠋ᠤ᠌ ᠪᠠᠨ
ᠲᠩᠷᠢᠯᠢᠭ ᠠᠷᠢᠭᠤᠬᠠᠨ ᠬᠠᠢᠷ᠎ᠠ ᠶ᠋ᠢ ᠣᠯᠵᠠᠢ ᠪᠢ
ᠦᠰᠦᠭ ᠬᠠᠲᠠᠵᠤ ᠦᠰᠦᠭ ᠠᠮᠢᠯᠠᠭᠤᠯᠤᠭᠰᠠᠨ ᠨᠢ᠄ ᠥᠨᠢᠮᠥ᠋ᠩᠬᠡ
ᠬᠢᠨᠠᠭᠴᠢ ᠪᠠᠭᠰᠢ᠄ ᠤᠶᠠᠬᠠᠨ
