ᠥᠨᠳᠥᠷ ᠡᠵᠢ -ᠰ ᠭᠠᠩᠵᠣᠷᠢᠭS.Ganzorig Undur eej С.Ганзориг Өндөр ээж ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠨᠳᠥᠷ ᠡᠵᠢ -ᠰ ᠭᠠᠩᠵᠣᠷᠢᠭS.Ganzorig Undur eej С.Ганзориг Өндөр ээж

ᠥᠨᠳᠥᠷ ᠡᠵᠢ -ᠰ ᠭᠠᠩᠵᠣᠷᠢᠭS.Ganzorig Undur eej С.Ганзориг Өндөр ээж

ᠠᠩᠭᠢᠯᠠᠯ:ᠳᠠᠭᠤᠤ ᠬᠥᠭᠵᠢᠮ
2024-12-02

1468

ᠥᠨᠳᠥᠷ ᠡᠵᠢ

   ᠰ ᠭᠠᠩᠵᠣᠷᠢᠭ ᠳᠠᠭᠤᠯᠠᠨ᠎ᠠ 
ᠠᠴᠢᠯᠠᠯ ᠡᠨᠡᠷᠢᠯ ᠦ᠋ᠨ ᠪᠤᠶᠠᠨ ᠢ᠋ᠶ᠋ᠠᠷ ᠢ᠋ᠶ᠋ᠠᠨ 
ᠠᠰᠢᠳᠠ ᠪᠢᠳᠡᠨ ᠢ᠋ ᠬᠠᠢᠷᠠᠯᠠᠭᠰᠠᠨ ᠡᠵᠢ 
ᠠᠮᠲᠠ ᠲᠠᠢ ᠪᠦᠬᠦᠨ ᠢ᠋ᠶ᠋ᠡᠷ ᠢ᠋ᠶ᠋ᠡᠨ ᠵᠣᠴᠢᠯᠠᠵᠤ ᠲᠠᠢᠯᠤᠭᠰᠠᠨ 
ᠠᠶᠠᠨᠴᠢᠨ ᠭᠡᠢᠴᠢᠳ ᠦ᠋ᠨ ᠥᠨᠳᠥᠷ ᠡᠵᠢ ᠠ᠋ 
ᠵᠤᠵᠠᠭᠠᠨ ᠦᠷᠡᠰ ᠲᠦ᠍ ᠪᠡᠨ ᠲᠦᠰᠢᠭ ᠡᠵᠢ 
ᠵᠠᠭᠤᠨ ᠲᠦᠮᠡᠨ ᠳ᠋ᠦ᠍ ᠪᠡᠨ ᠨᠠᠷᠠ ᠰᠢᠭ᠋ ᠡᠵᠢ 
ᠰᠠᠶᠠᠲᠤ ᠠᠷᠠᠳ ᠤ᠋ᠨ ᠰᠠᠷᠠᠨ ᠡᠵᠢ 
ᠰᠠᠢᠬᠠᠨ ᠮᠣᠩᠭᠣᠯ ᠤ᠋ᠨ ᠥᠨᠳᠥᠷ ᠡᠵᠢ ᠠ᠋
ᠲᠣᠨᠴᠢᠭ ᠠᠷᠢᠭᠤᠬᠠᠨ ᠰᠤᠷᠭᠠᠯ ᠢ᠋ᠶ᠋ᠠᠷ ᠢ᠋ᠶ᠋ᠠᠨ
ᠲᠤᠯᠭᠠᠭᠤᠯᠵᠤ ᠥᠰᠬᠡᠭᠰᠡᠨ ᠤᠬᠠᠭᠠᠨ ᠲᠠᠢ ᠡᠵᠢ
ᠤᠤᠭᠤᠭᠠᠳ ᠮᠣᠷᠳᠠᠭᠰᠠᠨ ᠬᠡᠨ ᠦ᠌ ᠪᠣᠯᠪᠠᠴᠤ
ᠣᠳᠣᠨ ᠰᠠᠨᠠᠭᠠᠨ ᠳ᠋ᠤ᠌ ᠨᠢ ᠤᠶᠠᠭ᠎ᠠ ᠲᠠᠢ ᠡᠵᠢ
ᠵᠤᠯᠵᠠᠭᠠᠨ ᠦᠷᠡᠰ ᠲᠦ᠍ ᠪᠡᠨ ᠲᠦᠰᠢᠭ ᠡᠵᠢ
ᠵᠠᠭᠤᠨ ᠲᠦᠮᠡᠨ ᠳ᠋ᠦ᠍ ᠪᠡᠨ ᠨᠠᠷᠠᠨ ᠰᠢᠭ᠋ ᠡᠵᠢ
ᠰᠠᠶᠠᠲᠤ ᠠᠷᠠᠳ ᠤ᠋ᠨ ᠰᠠᠷᠠᠨ ᠡᠵᠢ
ᠰᠠᠢᠬᠠᠨ ᠮᠣᠩᠭᠣᠯ ᠤ᠋ᠨ ᠥᠨᠳᠥᠷ ᠡᠵᠢ ᠠ᠋
ᠤᠤᠭᠠᠯ ᠰᠢᠷᠭᠠᠯ ᠴᠠᠢ ᠪᠠᠷ ᠢ᠋ᠶ᠋ᠠᠨ
ᠤᠭᠲᠤᠵᠤ ᠲᠣᠰᠳᠠᠭ ᠪᠤᠭᠤᠷᠤᠯ ᠡᠵᠢ
ᠤᠬᠠᠭᠠᠨ ᠡᠮᠢᠶᠡᠵᠦ ᠤᠷᠮ᠎ᠠ ᠬᠠᠢᠷᠠᠯᠠᠭᠰᠠᠨ
ᠠᠭᠤᠯᠠ ᠠ᠋ᠴᠠ ᠴᠤ᠌ ᠨᠥᠮᠥᠷᠢ ᠲᠡᠢ ᠥᠨᠳᠥᠷ ᠡᠵᠢ
ᠵᠤᠯᠵᠠᠭᠠᠨ ᠦᠷᠡᠰ ᠲᠦ᠍ ᠪᠡᠨ ᠲᠦᠰᠢᠭ ᠡᠵᠢ
ᠵᠠᠭᠤᠨ ᠲᠦᠮᠡᠨ ᠳ᠋ᠦ᠍ ᠪᠡᠨ ᠨᠠᠷᠠ ᠰᠢᠭ ᠡᠵᠢ
ᠰᠠᠶᠠᠲᠤ ᠠᠷᠠᠳ ᠤ᠋ᠨ ᠮᠢᠨᠢ ᠰᠠᠷᠠᠨ ᠡᠵᠢ
ᠰᠠᠢᠬᠠᠨ ᠮᠣᠩᠭᠣᠯ ᠤ᠋ᠨ ᠥᠨᠳᠥᠷ ᠡᠵᠢ ᠠ᠋
ᠰᠠᠢᠬᠠᠨ ᠮᠣᠩᠭᠣᠯ ᠤ᠋ᠨ ᠥᠷᠯᠥᠭ ᠡᠵᠢ ᠠ᠋
  ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
  ᠬᠢᠨᠠᠭᠴᠢ᠄ ᠪᠢᠮᠪᠠ