ᠰᠡᠳᠬᠢᠯ ᠳ᠋ᠦ᠍ ᠮᠥᠩᠬᠡᠷᠡᠭᠰᠡᠨ ᠡᠵᠢ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠳᠬᠢᠯ ᠳ᠋ᠦ᠍ ᠮᠥᠩᠬᠡᠷᠡᠭᠰᠡᠨ ᠡᠵᠢ -ᠮᠠᠨᠳᠤᠬᠤ ᠪᠠᠭᠰᠢ ᠶᠢᠨ ᠤᠷᠠᠨ ᠪᠢᠴᠢᠯᠭᠡ

ᠰᠡᠳᠬᠢᠯ ᠳ᠋ᠦ᠍ ᠮᠥᠩᠬᠡᠷᠡᠭᠰᠡᠨ ᠡᠵᠢ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-11-29

1786

ᠰᠡᠳᠬᠢᠯ ᠳ᠋ᠦ᠍ ᠮᠥᠩᠬᠡᠷᠡᠭᠰᠡᠨ ᠡᠵᠢ 


       ᠨᠣᠮᠢᠨ ᠲᠠᠯᠠᠰᠲᠤ ᠬᠠᠮᠲᠤᠯᠢᠭ    

ᠢᠷᠭᠤᠢ ᠨᠢᠳᠦᠯᠡᠬᠦ ᠴᠠᠭ ᠢ᠋ᠶ᠋ᠠᠷ   
ᠲᠠᠨ ᠳ᠋ᠠᠭᠠᠨ ᠣᠴᠢᠬᠤ ᠭᠡᠵᠦ ᠶᠠᠭᠠᠷᠠᠳᠠᠭ ᠰᠠᠨ   
ᠢᠯᠳᠠᠮ ᠵᠠᠩ ᠲᠠᠢ ᠡᠵᠢ ᠳ᠋ᠡᠭᠡᠨ   
ᠡᠷᠬᠡᠯᠡᠵᠦ ᠨᠢᠯᠬᠠᠷᠠᠭᠠᠳ ᠪᠤᠴᠠᠳᠠᠭ ᠰᠠᠨ   
ᠳᠡᠩᠳᠡᠭᠦᠦ ᠳᠠᠪᠴᠢᠭᠤ ᠣᠷᠴᠢᠯᠠᠩ ᠳ᠋ᠤ᠌  
ᠦᠳᠡᠯᠡᠭᠡᠳ ᠪᠤᠴᠠᠬᠤ ᠶ᠋ᠢ ᠮᠡᠳᠡᠭᠰᠡᠨ ᠪᠣᠯ  
ᠳᠡᠪᠡᠯ ᠢ᠋ᠶ᠋ᠡᠨ ᠲᠠᠢᠯᠤᠭᠠᠳ ᠥᠭᠬᠦ ᠳ᠋ᠦ᠍ᠨᠢ
ᠳᠡᠷᠡᠯᠡᠭᠡᠳ ᠤᠨᠲᠠᠬᠤ ᠮᠢᠨᠢ ᠴᠦ᠍ ᠶᠠᠭᠠᠬᠢᠬᠤᠪ ᠳᠠ
ᠰᠠᠨᠴᠢᠭ ᠪᠤᠭᠤᠷᠤᠯ ᠦᠭᠡᠢ ᠡᠵᠢ ᠮᠢᠨᠢ ᠳᠡ
ᠰᠡᠳᠬᠢᠯ ᠳ᠋ᠦ᠍ ᠮᠥᠩᠬᠡᠷᠡᠨ ᠦᠯᠡᠳᠡᠵᠦ ᠳᠡ
ᠡᠵᠢ ᠮᠢᠨᠢ ᠳᠡ᠃

ᠳᠡᠨᠵᠢ ᠶ᠋ᠢᠨ ᠨᠣᠭᠣᠭ᠎ᠠ ᠰᠣᠶᠣᠭᠠᠯᠠᠬᠤ ᠪᠠᠷ
ᠲᠠᠨ ᠳ᠋ᠠᠭᠠᠨ ᠣᠴᠢᠬᠤ ᠭᠡᠵᠦ ᠶᠠᠭᠠᠷᠠᠳᠠᠭ ᠰᠠᠨ
ᠳᠡᠪᠡᠯ ᠲᠡᠢ ᠪᠤᠷᠬᠠᠨ ᠡᠵᠢ ᠳ᠋ᠡᠭᠡᠨ
ᠦᠨᠦᠰᠦᠭᠦᠯᠵᠦ ᠶᠠᠭᠠᠷᠠᠭᠠᠳ ᠪᠤᠴᠠᠳᠠᠭ ᠰᠠᠨ
ᠠᠭᠤᠵᠢᠮ ᠠᠯᠠᠭ ᠬᠣᠷᠸ᠎ᠠ ᠳ᠋ᠤ᠌
ᠥᠨᠢᠳᠡ ᠣᠷᠬᠢᠬᠤ ᠶ᠋ᠢ ᠨᠢ ᠮᠡᠳᠡᠭᠰᠡᠨ ᠪᠣᠯ
ᠥᠷᠥᠮ᠎ᠡ ᠲᠡᠢ ᠴᠠᠢ ᠶ᠋ᠢ ᠨᠢ ᠤᠤᠭᠤᠭᠠᠳ
ᠥᠨᠵᠢᠭᠡᠳ ᠶᠠᠪᠤᠬᠤ ᠮᠢᠨᠢ ᠴᠦ᠍ ᠶᠠᠭᠠᠬᠢᠬᠤᠪ ᠳᠠ
ᠰᠠᠨᠴᠢᠭ ᠪᠤᠭᠤᠷᠤᠯ ᠦᠭᠡᠢ ᠡᠵᠢ ᠮᠢᠨᠢ ᠳᠡ
ᠰᠡᠳᠬᠢᠯ ᠳ᠋ᠦ᠍ ᠮᠥᠩᠬᠡᠷᠡᠨ ᠦᠯᠡᠳᠡᠵᠦ ᠳᠡ
ᠡᠵᠢ ᠮᠢᠨᠢ ᠳᠡ᠃

ᠨᠠᠮᠤᠷ ᠤ᠋ᠨ ᠬᠢᠷᠠᠭᠤ ᠤᠨᠠᠬᠤ ᠪᠠᠷ
ᠲᠠᠨ ᠳ᠋ᠠᠭᠠᠨ ᠣᠴᠢᠬᠤ ᠭᠡᠵᠦ ᠶᠠᠭᠠᠷᠠᠳᠠᠭ ᠰᠠᠨ
ᠨᠠᠮᠤᠬᠠᠨ ᠵᠢᠭᠠᠬᠠᠨ ᠡᠵᠢ ᠳ᠋ᠡᠭᠡᠨ
ᠦᠨᠦᠷᠯᠡᠭᠦᠯᠵᠦ ᠠᠷᠭᠠᠳᠠᠭᠤᠯᠵᠤ ᠪᠤᠴᠠᠳᠠᠭ ᠰᠠᠨ
ᠠᠬᠠᠷᠬᠠᠨ ᠵᠠᠶᠠᠭᠠᠨ ᠤ᠋ ᠽᠠᠮᠪᠤᠯᠢᠩ
ᠠᠬᠢᠭᠠᠳ ᠢᠷᠡᠬᠦ ᠦᠭᠡᠢ ᠶ᠋ᠢ ᠮᠡᠳᠡᠭᠰᠡᠨ ᠪᠣᠯ
ᠠᠷᠭᠠᠳᠠᠵᠤ ᠭᠤᠶᠤᠭᠠᠳ ᠪᠠᠢᠬᠤ ᠳ᠋ᠤᠨᠢ
ᠠᠮᠤᠰᠬᠢᠵᠦ ᠢᠷᠡᠬᠦ ᠮᠢᠨᠢ ᠴᠦ᠍ ᠶᠠᠭᠠᠬᠢᠬᠤᠪ ᠳᠠ
ᠰᠠᠨᠴᠢᠭ ᠪᠤᠭᠤᠷᠤᠯ ᠦᠭᠡᠢ ᠡᠵᠢ ᠮᠢᠨᠢ ᠳᠡ
ᠰᠡᠳᠬᠢᠯ ᠳ᠋ᠦ᠍ ᠮᠥᠩᠬᠡᠷᠡᠨ ᠦᠯᠡᠳᠡᠵᠦ ᠳᠡ
ᠡᠵᠢ ᠮᠢᠨᠢ ᠳᠡ᠃
ᠰᠠᠨᠴᠢᠭ ᠪᠤᠭᠤᠷᠤᠯ ᠦᠭᠡᠢ ᠡᠵᠢ ᠮᠢᠨᠢ ᠳᠡ
ᠰᠡᠳᠬᠢᠯ ᠳ᠋ᠦ᠍ ᠮᠥᠩᠬᠡᠷᠡᠨ ᠦᠯᠡᠳᠡᠵᠦ ᠳᠡ
ᠡᠵᠢ ᠮᠢᠨᠢ ᠳᠡ᠃

         ᠦᠰᠦᠭ ᠠᠮᠢᠯᠠᠭᠤᠯᠤᠭᠴᠢ᠄ ᠨᠠᠷᠠᠨᠲᠣᠭᠣᠰ
         ᠬᠢᠨᠠᠭᠴᠢ᠄ ᠤᠤᠭᠠᠨᠵᠢᠳ