ᠬᠠᠮᠤᠭ ᠡᠴᠡ ᠰᠠᠢᠬᠠᠨ -ᠮᠠᠨᠳᠤᠬᠤ ᠪᠠᠭᠰᠢ ᠶᠢᠨ ᠤᠷᠠᠨ ᠪᠢᠴᠢᠯᠭᠡ
ᠬᠠᠮᠤᠭ ᠡᠴᠡ ᠰᠠᠢᠬᠠᠨ
ᠦᠭᠡ᠄ ᠯ· ᠡᠩᠬᠡᠰᠠᠢᠬᠠᠨ
ᠠᠶ᠎ᠠ᠄ ᠨ· ᠪᠠᠰᠠᠩᠳᠣᠷᠵᠢ
ᠳᠠᠭᠤᠴᠢᠨ᠄ ᠨ· ᠪᠤᠶᠠᠨᠳᠡᠯᠭᠡᠷ
ᠪᠣᠷᠣ ᠡᠳᠥᠷ ᠦ᠋ᠨ ᠠᠮᠢᠵᠢᠷᠠᠭ᠎ᠠ ᠶᠠᠭᠠᠬᠢᠬᠤ ᠪᠣᠢ
ᠪᠣᠯᠬᠤ ᠳ᠋ᠠᠭᠠᠨ ᠯᠠ ᠪᠣᠯᠣᠨ᠎ᠠ ᠳᠠ ᠢᠲᠡᠭᠡᠭᠡᠷᠡᠢ
ᠪᠣᠳᠣᠯ ᠵᠥᠪ ᠲᠡᠢ ᠠᠮᠢᠳᠤᠷᠠᠵᠤ ᠶᠠᠪᠤᠬᠤ ᠳ᠋ᠤ᠌
ᠣᠯᠠᠨ ᠤ᠋ ᠪᠠᠨ ᠳᠠᠮ ᠢ᠋ᠶ᠋ᠠᠷ ᠥᠭᠡᠳᠡᠯᠡᠬᠦ ᠳ᠋ᠡᠭᠡᠨ ᠯᠡ ᠥᠭᠡᠳᠡᠯᠡᠨ᠎ᠡ
ᠥᠷᠭᠥᠭᠡ ᠭᠡᠷ ᠢ᠋ᠶ᠋ᠡᠨ ᠳᠦᠭᠦᠷᠭᠡᠵᠦ ᠪᠤᠵᠢᠭᠢᠨᠠᠭᠠᠳ
ᠦᠷᠡᠰ ᠢ᠋ᠶ᠋ᠡᠨ ᠲᠤᠨᠤᠷᠠᠭᠤᠯᠤᠨ ᠱᠤᠤᠭᠢᠬᠤ ᠰᠠᠢᠬᠠᠨ
ᠢᠨᠢᠶᠡᠳᠦ ᠬᠥᠭᠵᠢᠶᠡᠨ ᠳᠤᠮᠳᠠ ᠤᠮᠪᠠᠭᠠᠳ
ᠡᠯᠢᠭᠡ ᠪᠦᠲᠦᠨ ᠶᠠᠪᠤᠬᠤ ᠯᠠ ᠬᠠᠮᠤᠭ ᠡᠴᠡ ᠰᠠᠢᠬᠠᠨ ᠳᠠ᠃
ᠴᠠᠭ ᠴᠠᠭ ᠤ᠋ᠨ ᠠᠮᠢᠰᠬᠤᠭ᠎ᠠ ᠶᠠᠭᠠᠬᠢᠬᠤ ᠪᠣᠢ
ᠨᠠᠮᠳᠠᠬᠤ ᠳ᠋ᠠᠭᠠᠨ ᠯᠠ ᠨᠠᠮᠳᠠᠯ᠎ᠠ ᠳᠠ ᠢᠲᠡᠭᠡᠭᠡᠷᠡᠢ
ᠴᠠᠭᠠᠨ᠎ᠠ ᠲᠠᠢ ᠨᠠᠭᠠᠨ᠎ᠠ ᠲᠠᠢ ᠠᠮᠢᠳᠤᠷᠠᠵᠤ ᠶᠠᠪᠤᠬᠤ ᠳ᠋ᠤ᠌
ᠰᠡᠳᠬᠢᠯ ᠦ᠋ᠨ ᠢ᠋ᠶ᠋ᠡᠨ ᠭᠡᠭᠡ ᠪᠡᠷ ᠳᠡᠪᠵᠢᠬᠦ ᠳ᠋ᠡᠭᠡᠨ ᠯᠡ ᠳᠡᠪᠵᠢᠨᠡ
ᠥᠷᠭᠥᠭᠡ ᠭᠡᠷ ᠢ᠋ᠶ᠋ᠡᠨ ᠳᠦᠭᠦᠷᠭᠡᠵᠦ ᠪᠤᠵᠢᠭᠢᠨᠠᠭᠠᠳ
ᠦᠷᠡᠰ ᠢ᠋ᠶ᠋ᠡᠨ ᠲᠤᠨᠤᠷᠠᠭᠤᠯᠤᠨ ᠱᠤᠤᠭᠢᠬᠤ ᠰᠠᠢᠬᠠᠨ
ᠢᠨᠢᠶᠡᠳᠦ ᠬᠥᠭᠵᠢᠶᠡᠨ ᠳᠤᠮᠳᠠ ᠤᠮᠪᠠᠭᠠᠳ
ᠡᠯᠢᠭᠡ ᠪᠦᠲᠦᠨ ᠶᠠᠪᠤᠬᠤ ᠯᠠ ᠬᠠᠮᠤᠭ ᠡᠴᠡ ᠰᠠᠢᠬᠠᠨ ᠳᠠ᠃
ᠰᠡᠷᠢᠭᠦᠨ ᠨᠠᠮᠤᠷ ᠤ᠋ᠨ ᠪᠤᠳᠠᠩ ᠶᠠᠭᠠᠬᠢᠬᠤ ᠪᠣᠢ
ᠦᠷᠭᠦᠬᠦ ᠳ᠋ᠡᠭᠡᠨ ᠯᠡ ᠦᠷᠭᠦᠨ᠎ᠡ ᠳᠡ ᠢᠲᠡᠭᠡᠭᠡᠷᠡᠢ
ᠰᠡᠳᠬᠢᠯ ᠳ᠋ᠡᠭᠡᠨ ᠨᠠᠷᠠ ᠲᠠᠢ ᠠᠮᠢᠳᠤᠷᠠᠵᠤ ᠶᠠᠪᠤᠬᠤ ᠳ᠋ᠤ᠌
ᠦᠷᠡᠰ ᠦ᠋ᠨ ᠢ᠋ᠶ᠋ᠡᠨ ᠪᠤᠶᠠᠨ ᠢ᠋ᠶ᠋ᠠᠷ ᠥᠭᠡᠳᠡᠯᠡᠬᠦ ᠳ᠋ᠡᠭᠡᠨ ᠯᠡ ᠥᠭᠡᠳᠡᠯᠡᠨ᠎ᠡ
ᠥᠷᠭᠥᠭᠡ ᠭᠡᠷ ᠢ᠋ᠶ᠋ᠡᠨ ᠳᠦᠭᠦᠷᠭᠡᠵᠦ ᠪᠤᠵᠢᠭᠢᠨᠠᠭᠠᠳ
ᠦᠷᠡᠰ ᠢ᠋ᠶ᠋ᠡᠨ ᠲᠤᠨᠤᠷᠠᠭᠤᠯᠤᠨ ᠱᠤᠤᠭᠢᠬᠤ ᠰᠠᠢᠬᠠᠨ
ᠢᠨᠢᠶᠡᠳᠦ ᠬᠥᠭᠵᠢᠶᠡᠨ ᠳᠤᠮᠳᠠ ᠤᠮᠪᠠᠭᠠᠳ
ᠡᠯᠢᠭᠡ ᠪᠦᠲᠦᠨ ᠶᠠᠪᠤᠬᠤ ᠯᠠ ᠬᠠᠮᠤᠭ ᠡᠴᠡ ᠰᠠᠢᠬᠠᠨ ᠳᠠ
ᠥᠷᠭᠥᠭᠡ ᠭᠡᠷ ᠢ᠋ᠶ᠋ᠡᠨ ᠳᠦᠭᠦᠷᠭᠡᠵᠦ ᠪᠤᠵᠢᠭᠢᠨᠠᠭᠠᠳ
ᠦᠷᠡᠰ ᠢ᠋ᠶ᠋ᠡᠨ ᠲᠤᠨᠤᠷᠠᠭᠤᠯᠤᠨ ᠱᠤᠤᠭᠢᠬᠤ ᠰᠠᠢᠬᠠᠨ
ᠢᠨᠢᠶᠡᠳᠦ ᠬᠥᠭᠵᠢᠶᠡᠨ ᠳᠤᠮᠳᠠ ᠤᠮᠪᠠᠭᠠᠳ
ᠡᠯᠢᠭᠡ ᠪᠦᠲᠦᠨ ᠶᠠᠪᠤᠬᠤ ᠯᠠ ᠬᠠᠮᠤᠭ ᠡᠴᠡ ᠰᠠᠢᠬᠠᠨ ᠳᠠ
ᠬᠠᠮᠤᠭ ᠡᠴᠡ ᠰᠠᠢᠬᠠᠨ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
