ᠦᠨᠳᠦᠰᠦᠷᠬᠡᠭ ᠦᠵᠡᠯ ᠲᠡᠢ ᠬᠦᠦҮндсэрхэг үзэлтэй хүү ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠨᠳᠦᠰᠦᠷᠬᠡᠭ ᠦᠵᠡᠯ ᠲᠡᠢ ᠬᠦᠦҮндсэрхэг үзэлтэй хүү

ᠦᠨᠳᠦᠰᠦᠷᠬᠡᠭ ᠦᠵᠡᠯ ᠲᠡᠢ ᠬᠦᠦҮндсэрхэг үзэлтэй хүү

ᠦᠨᠳᠦᠰᠦᠷᠬᠡᠭ ᠦᠵᠡᠯ ᠲᠡᠢ ᠬᠦᠦ

ᠬᠦᠦ᠄ ᠬᠠᠮᠤᠭ ᠤ᠋ᠨ ᠬᠦᠨᠳᠦ ᠮᠥᠴᠡ ᠳ᠋ᠦ᠍ ᠡᠬᠡ ᠣᠷᠣᠨ ᠲᠠᠨ ᠠ᠋ᠴᠠ ᠪᠠᠨ ᠬᠠᠷᠠᠮᠴᠢ ᠶ᠋ᠢᠨ ᠬᠢᠨ ᠦ᠌ ᠠᠮᠢ ᠪᠠᠨ ᠪᠠᠰᠠ ᠬᠠᠷᠠᠮᠯᠠᠭᠰᠠᠨ  ᠦᠭᠡᠢ᠃ ᠪᠠᠶᠠᠷᠯᠠᠯ᠎ᠠ! 
ᠬᠢᠨᠠᠭᠴᠢ᠄ ᠥᠪᠡᠷ ᠢ᠋ᠶ᠋ᠡᠨ ᠴᠢ ᠰᠢᠯᠦᠭ ᠡᠨᠡ ᠲᠡᠷᠡ ᠪᠢᠴᠢᠵᠦ ᠦᠵᠡᠭᠰᠡᠨ ᠤᠤ? 
ᠬᠦᠦ᠄ ᠦᠵᠡᠭᠰᠡᠨ᠃ 
ᠬᠢᠨᠠᠭᠴᠢ᠄ ᠦᠵᠡᠭᠰᠡᠨ ᠤᠤ? 
ᠬᠦᠦ᠄ ᠠ᠋! 
ᠬᠢᠨᠠᠭᠴᠢ᠄ ᠬᠡᠳᠦᠨ ᠰᠢᠯᠦᠭ ᠪᠢᠴᠢᠵᠦ ᠪᠠᠢᠭᠰᠠᠨ? 
ᠬᠦᠦ᠄ ᠶᠡᠷᠦᠩᠬᠡᠢ ᠳ᠋ᠦ᠍ ᠪᠡᠨ ᠪᠢ ᠥᠪᠡᠷ ᠢ᠋ᠶ᠋ᠡᠨ ᠰᠢᠯᠦᠭ ᠪᠢᠴᠢᠶ᠎ᠡ ᠭᠡᠪᠡᠯ ᠮᠣᠩᠭᠣᠯ ᠤ᠋ᠨ ᠶᠡᠷᠦᠩᠬᠡᠢ ᠳ᠋ᠦ᠍ ᠪᠡᠨ ᠪᠣᠯᠬᠤ᠂ ᠪᠣᠯᠬᠤ ᠦᠭᠡᠢ ᠤᠷᠢᠳᠤ ᠲᠠᠭᠠᠷᠠᠯᠳᠤᠵᠤ ᠪᠠᠢᠭ᠎ᠠ ᠵᠦᠢᠯ ᠢ᠋ ᠶᠡᠷᠦᠩᠬᠡᠢ ᠳ᠋ᠦ᠍ ᠪᠡᠨ ᠪᠢᠴᠢᠳᠡᠭ᠃
ᠬᠢᠨᠠᠭᠴᠢ᠄ ᠴᠢ ᠣᠳᠣ ᠶᠡᠷᠦ ᠨᠢ ᠨᠡᠢᠭᠡᠮ ᠳᠡᠭᠡᠷ᠎ᠡ᠂ ᠶᠡᠷᠦ ᠨᠢ ᠪᠣᠯᠵᠤ ᠪᠦᠲᠦᠬᠦ ᠦᠭᠡᠢ ᠪᠠᠢᠭ᠎ᠠ ᠵᠦᠢᠯ ᠦ᠋ᠳ ᠢ᠋ ᠶᠡᠷᠦ ᠨᠢ ᠶᠡᠬᠡ ᠰᠢᠭᠦᠮᠵᠢᠯᠡᠯᠲᠡᠢ ᠬᠠᠨᠳᠤᠳᠠᠭ ᠪᠠᠢᠭ᠎ᠠ ᠲᠡᠢᠮᠦ ᠤᠤ?
ᠬᠦᠦ᠄ ᠣ᠂ ᠶᠡᠷᠦ ᠨᠢ ᠲᠡᠢᠮᠦ! ᠶᠡᠷᠦᠩᠬᠡᠢ ᠳ᠋ᠦ᠍ ᠪᠡᠨ《ᠦᠨᠳᠦᠰᠦᠷᠬᠡᠭ ᠦᠵᠡᠯ ᠲᠡᠢ》 ᠭᠡᠵᠦ ᠬᠡᠯᠡᠵᠦ ᠪᠣᠯᠤᠨ᠎ᠠ᠃
ᠬᠢᠨᠠᠭᠴᠢ᠄ ᠴᠢ ᠴᠢᠨᠢ ᠤᠯᠤᠰ ᠲᠦᠷᠦᠴᠢ ᠪᠣᠯᠴᠢᠬᠠᠮᠠᠷ ᠶᠤᠮ ᠰᠢᠭ᠋ ᠪᠠᠢᠬᠤ ᠦᠭᠡᠢ ᠤᠤ⁈
ᠬᠦᠦ᠄ ᠨᠠᠮ᠎ᠠ ᠶ᠋ᠢ ᠲᠣᠮᠣ ᠪᠣᠯᠤᠭᠠᠳ᠂ ᠲᠠ ᠨᠠᠷ ᠰᠢᠭ᠋ ᠢᠩᠭᠢᠭᠡᠳ ᠠᠮᠢᠳᠤᠷᠠᠯ ᠳ᠋ᠤ᠌᠂ ᠠᠮᠢᠳᠤᠷᠠᠯ ᠳᠡᠭᠡᠷ᠎ᠡ ᠬᠥᠯ ᠢ᠋ᠶ᠋ᠡᠨ ᠣᠯᠤᠭᠰᠠᠨ ᠪᠠᠢᠬᠤ ᠳ᠋ᠤ᠌ ᠤᠯᠤᠰ ᠲᠥᠷᠥ᠂ ᠮᠠᠨ ᠤ᠋ ᠮᠣᠩᠭᠣᠯ ᠤᠯᠤᠰ ᠮᠠᠨᠢ ᠬᠥᠭᠵᠢᠨ ᠮᠠᠨᠳᠤᠭᠰᠠᠨ ᠪᠠᠢᠪᠠᠯ ᠪᠢ ᠤᠯᠤᠰ ᠲᠥᠷᠥ ᠤᠷᠤᠭᠤ ᠣᠷᠣᠬᠤ ᠦᠭᠡᠢ᠃
ᠬᠢᠨᠠᠭᠴᠢ᠄ ᠠ᠁
ᠬᠢᠨᠠᠭᠴᠢ᠄ ᠣᠳᠣ ᠴᠡᠴᠡᠭᠯᠡᠬᠦ ᠦᠭᠡᠢ ᠪᠠᠢᠪᠠᠯ ᠴᠢ ᠣᠷᠣᠬᠤ ᠠ᠋ᠴᠠ ᠥᠭᠡᠷ᠎ᠡ ᠠᠷᠭ᠎ᠠ ᠪᠠᠢᠬᠤ ᠦᠭᠡᠢ?
ᠬᠦᠦ᠄ ᠣᠷᠣᠬᠤ ᠠ᠋ᠴᠠ ᠥᠭᠡᠷ᠎ᠡ ᠠᠷᠭ᠎ᠠ ᠪᠠᠢᠬᠤ ᠦᠭᠡᠢ᠂ ᠪᠢ ᠡᠨᠡ《ᠬᠠᠷᠠᠮᠴᠢ ᠶ᠋ᠢᠨ ᠬᠢᠨ ᠦ᠌ ᠲᠤᠤᠯᠢ》 ᠰᠢᠭ᠋ ᠠᠮᠢ ᠪᠡᠶ᠎ᠡ ᠪᠡᠨ ᠡᠰᠡ ᠬᠠᠢᠷᠠᠯᠠᠨ ᠤᠯᠤᠰ ᠣᠷᠣᠨ ᠤ᠋ ᠪᠠᠨ ᠲᠥᠯᠥᠭᠡ ᠵᠢᠳᠬᠦᠨ᠎ᠡ᠃
ᠬᠢᠨᠠᠭᠴᠢ᠄ ᠴᠢ ᠣᠳᠣ ᠶᠡᠷᠦ ᠨᠢ ᠪᠣᠯᠪᠠᠯ ᠠᠬ᠎ᠠ ᠰᠢᠭ᠋ ᠢ᠋ᠶ᠋ᠡᠨ ᠶᠦᠮ ᠰᠢᠭ ᠵᠢᠭᠠᠬᠠᠨ ᠠᠷᠠᠮ ᠵᠢᠵᠢᠭ ᠲᠡᠢ ᠰᠢᠭ ᠲᠡᠢᠮᠦ ᠤᠤ?
ᠬᠦᠦ᠄ ᠶᠡᠷᠦ ᠨᠢ ᠲᠡᠢᠮᠦ᠂《ᠡᠷ᠎ᠡ ᠥᠰᠴᠦ᠂ ᠢᠰᠡᠭᠡᠢ ᠰᠤᠨᠤᠨ᠎ᠠ》 ᠭᠡᠳᠡᠭ ᠦᠭᠡ ᠪᠠᠢᠳᠠᠭ ᠰᠢᠲᠠ᠃
ᠬᠢᠨᠠᠭᠴᠢ᠄ ᠶᠡᠷᠦ ᠨᠢ ᠣᠳᠣ ᠵᠢᠭᠠᠬᠠᠨ ᠮᠣᠷᠢ ᠵᠢᠷᠣᠭ᠎ᠠ ᠤᠨᠤᠵᠤ ᠪᠠᠢᠨ᠎ᠠ ᠤᠤ᠂ ᠦᠭᠡᠢ ᠤᠤ?
ᠬᠦᠦ᠄ ᠤᠨᠤᠳᠠᠭ᠃
ᠬᠢᠨᠠᠭᠴᠢ᠄ ᠵᠥᠪ ᠵᠥᠪ᠂ ᠮᠡᠳᠡᠭᠡ ᠪᠡᠷ ᠭᠠᠷᠤᠭᠠᠳ ᠪᠠᠢᠳᠠᠭ ᠰᠢᠲᠠ᠂ ᠣᠳᠣ ᠡᠨᠡ ᠮᠣᠷᠢ ᠤᠨᠤᠭᠠᠴᠢ ᠬᠡᠦᠬᠡᠳ ᠦ᠋ᠳ ᠶᠡᠬᠡ ᠤᠨᠠᠵᠤ᠂ ᠪᠡᠷᠲᠡᠵᠦ ᠭᠡᠮᠲᠦᠵᠦ ᠪᠠᠢᠨ᠎ᠠ᠂ ᠣᠳᠣ ᠡᠳᠡᠭᠡᠷ ᠢ᠋ ᠣᠳᠣ ᠲᠡᠭᠡᠭᠡᠳ ᠤᠨᠠᠭᠠᠬᠤ ᠦᠭᠡᠢ ᠪᠠᠢᠬᠤ ᠶ᠋ᠢᠨ ᠲᠤᠯᠠᠳᠠ ᠶᠠᠭᠤ ᠬᠢᠬᠦ ᠶᠣᠰᠣᠲᠠᠢ ᠭᠡᠵᠦ ᠴᠢ ᠪᠣᠳᠣᠵᠤ ᠪᠠᠢᠨ᠎ᠠ? ᠪᠠᠰᠠ ᠮᠣᠷᠢ ᠤᠨᠤᠳᠠᠭ ᠪᠠᠢᠭᠰᠠᠨ ᠬᠡᠦᠬᠡᠳ?
ᠬᠦᠦ᠄ ᠮᠣᠩᠭᠣᠯ ᠳ᠋ᠤ᠌ ᠭᠠᠭᠴᠠᠬᠠᠨ ᠮᠣᠷᠢᠨ ᠤ᠋ ᠬᠡᠦᠬᠡᠳ ᠤᠨᠠᠭᠰᠠᠨ ᠭᠡᠳ ᠪᠡᠷᠲᠡᠬᠦ ᠠᠰᠠᠭᠤᠳᠠᠯ ᠠ᠋ᠴᠠ ᠥᠭᠡᠷ᠎ᠡ ᠵᠥᠩᠳᠡᠭᠡᠨ ᠠᠰᠠᠭᠤᠳᠠᠯ ᠣᠷᠣᠰᠢᠳᠠᠭ ᠲᠡᠢᠮᠦ ᠪᠢᠵᠡ?
ᠬᠢᠨᠠᠭᠴᠢ᠄ ᠵᠠ᠂ ᠵᠢᠱ᠌ᠢᠶ᠎ᠡ ᠨᠢ ᠶᠠᠮᠠᠷ ᠠᠰᠠᠭᠤᠳᠠᠯ ᠳᠡᠭᠡᠷ᠎ᠡ ᠢᠯᠡᠭᠦᠦ ᠰᠡᠳᠬᠢᠯ ᠢ᠋ᠶ᠋ᠡᠨ ᠵᠣᠷᠢᠭᠤᠯᠤᠮᠠᠷ ᠪᠠᠢᠨ᠎ᠠ?
ᠬᠦᠦ᠄ ᠪᠠᠷᠢᠯᠭ᠎ᠠ ᠳᠡᠭᠡᠷ᠎ᠡ ᠡᠴᠡ ᠨᠥᠭᠦᠭᠡ ᠨᠢᠭᠡ ᠶᠠᠭᠤᠮ᠎ᠠ ᠤᠨᠠᠭᠠᠳ ᠬᠥᠮᠦᠨ ᠦ᠌ ᠠᠮᠢ ᠶ᠋ᠢ ᠠᠪᠴᠢᠬᠠᠯ᠎ᠠ ᠭᠡᠳ ᠤᠤ᠂ ᠣᠳᠣ ᠨᠥᠭᠦᠭᠡ ᠨᠢᠭᠡ ᠵᠤᠨ ᠨᠢ ᠺᠠᠰᠺ ᠲᠠᠢ᠂ ᠡᠪᠦᠯ ᠨᠢ ᠮᠠᠰᠺ (ᠠᠮᠠᠪᠴᠢ) ᠲᠠᠢ ᠮᠣᠩᠭᠣᠯ ᠳ᠋ᠤ᠌ ᠠᠮᠢᠳᠤᠷᠠᠨ᠎ᠠ ᠭᠡᠳ ᠪᠠᠢᠭ᠎ᠠ ᠶᠡᠷᠦ ᠨᠢ ᠲᠡᠢᠮᠦᠷᠬᠦ ᠯᠡ ᠪᠠᠢᠨ᠎ᠠ ᠰᠢᠲᠠ᠃
ᠬᠢᠨᠠᠭᠴᠢ᠄ ᠲᠡᠷᠡ ᠶᠡᠷᠦ ᠨᠢ ᠵᠥᠪ ᠤᠤ? ᠴᠢ ᠶᠠᠭᠤ ᠭᠡᠵᠦ ᠪᠣᠳᠣᠵᠤ ᠪᠣᠢ?
ᠬᠦᠦ᠄ ᠡᠪᠦᠯ ᠮᠠᠰᠺ (ᠠᠮᠠᠪᠴᠢ) ᠵᠡᠭᠦᠵᠦ ᠪᠠᠢᠭ᠎ᠠ ᠨᠢ ᠲᠡᠷᠡ ᠨᠢ ᠶᠠᠭᠠᠬᠢᠭᠠᠳ ᠭᠡᠪᠡᠯ᠂ ᠨᠥᠭᠦᠭᠡ ᠨᠢᠭᠡ ᠤᠷᠤᠭᠰᠢ ᠪᠠᠨ ᠢᠳᠡᠯᠡᠬᠦ ᠪᠡᠷ ᠤᠲᠤᠭ᠎ᠠ ᠮᠠᠨᠠᠨ ᠳ᠋ᠤ᠌ ᠲᠥᠭᠡᠷᠢᠴᠢᠬᠡᠨ᠎ᠡ᠂ ᠲᠡᠭᠡᠭᠡᠳ ᠤᠷᠢᠳᠤᠬᠢ ᠵᠠᠮ ᠢ᠋ᠶ᠋ᠠᠨ ᠬᠠᠷᠠᠬᠤ ᠦᠭᠡᠢ ᠪᠣᠯ ᠤᠬᠢᠶᠠᠳᠠᠰᠤᠨ ᠳᠡᠭᠡᠷ᠎ᠡ ᠬᠠᠯᠲᠤᠷᠢᠭᠠᠳ ᠣᠢᠴᠢᠴᠢᠬᠠᠨ᠎ᠠ᠃
ᠬᠢᠨᠠᠭᠴᠢ᠄ ᠲᠡᠢᠮᠦ ᠤᠤ ᠳᠠ⁈
ᠬᠢᠨᠠᠭᠴᠢ᠄ ᠴᠢ ᠠᠷᠪᠠᠨ ᠵᠢᠷᠭᠤᠭᠠᠬᠠᠨ ᠨᠠᠰᠤᠲᠠᠢ ᠪᠠᠢᠵᠤ ᠪᠠᠢᠵᠤ᠂ ᠵᠦᠭᠡᠷ ᠯᠡ ᠬᠡᠦᠬᠡᠳ ᠰᠢᠭ᠂ ᠬᠡᠦᠬᠡᠳ ᠨᠠᠰᠤ ᠭᠡᠳᠡᠭ ᠴᠢᠨᠢ ᠬᠠᠮᠤᠭ ᠤ᠋ᠨ ᠦᠨᠡᠲᠡᠢ ᠨᠠᠰᠤ ᠰᠢᠲᠠ᠂ ᠶᠠᠭᠠᠬᠢᠭᠠᠳ ᠢᠩᠭᠢᠭᠡᠳ ᠡᠢᠮᠦ ᠬᠡᠷᠰᠡᠦ ᠪᠣᠯᠤᠭᠰᠠᠨ ᠪᠣᠢ?
ᠬᠦᠦ᠄ ᠬᠦᠷᠢᠶᠡᠯᠡᠩ ᠪᠣᠢ ᠣᠷᠴᠢᠨ ᠮᠠᠨᠢ ᠨᠥᠯᠥᠭᠡᠯᠡᠵᠦ ᠪᠠᠢᠨ᠎ᠠ᠃

  ᠦᠰᠦᠭ ᠠᠮᠢᠯᠠᠭᠤᠯᠤᠭᠴᠢ᠄ ᠮᠥᠩᠬᠡ ᠭᠠᠯ
  ᠦᠰᠦᠭ ᠬᠠᠳᠠᠭᠴᠢ᠄ ᠮᠥᠩᠬᠡ ᠭᠠᠯ
  ᠬᠢᠨᠠᠭᠴᠢ᠄ ᠰᠣᠶᠣᠯ᠂ ᠳᠡᠭᠦᠦᠵᠠᠶᠠᠭ᠎ᠠ