ᠲᠦᠪᠰᠢᠨ ᠰᠠᠢᠬᠠᠨ-ᠴᠢᠯᠠᠭᠤᠨᠴᠢᠮᠡᠭТүвшин сайхан-Чулуунчимэг tuvshin saihan chuluunchimeg
ᠲᠦᠪᠰᠢᠨ ᠰᠠᠢᠬᠠᠨ
ᠦᠭᠡ᠄ ᠨᠣᠶᠠᠨ ᠬᠤᠲᠤᠭᠲᠤ ᠳ᠋ᠠᠨᠽᠡᠨᠷᠡᠪᠵᠠᠢ
ᠠᠶ᠎ᠠ ᠄ ᠰ ᠂ ᠪᠦᠳᠢᠤᠨ
ᠡ᠊᠂ ᠴᠢᠯᠠᠭᠤᠨᠴᠢᠮᠡᠭ ᠳᠠᠭᠤᠯᠠᠨ᠎ᠠ
ᠲᠦᠪᠰᠢᠨ ᠰᠠᠢᠬᠠᠨ ᠰᠡᠳᠬᠢᠯᠲᠡᠨ
ᠲᠦᠮᠡᠨ ᠵᠦᠭ ᠡᠴᠡ ᠪᠡᠨ ᠴᠤᠭᠯᠠᠷᠠᠭᠠᠳ
ᠲᠥᠪ ᠲᠠᠢ ᠰᠠᠢᠬᠠᠨ ᠨᠠᠢᠷᠯᠠᠭᠠᠳ
ᠶᠠᠭᠤ ᠲᠠᠢ ᠰᠠᠢᠬᠠᠨ ᠴᠤᠭᠯᠠᠭᠠᠨ ᠪᠣᠢ᠃
ᠪᠣᠷᠣᠭ᠎ᠠ ᠬᠤᠷ᠎ᠠ ᠨᠢ ᠣᠷᠣᠭᠠᠳ
ᠪᠤᠷᠭᠠᠰᠤ ᠵᠦᠯᠭᠡ ᠨᠢ ᠨᠤᠭᠤᠭᠠᠷᠬᠠᠰᠠᠨ
ᠪᠤᠯᠲᠤ ᠰᠢᠪᠠᠭᠤᠳ ᠴᠤᠭᠯᠠᠷᠠᠭᠠᠳ
ᠪᠤᠵᠠᠭᠠᠢ ᠰᠠᠢᠬᠠᠨ ᠨᠤᠲᠤᠭ ᠪᠣᠢ᠃
ᠪᠣᠷᠣᠭ᠎ᠠ ᠬᠤᠷ᠎ᠠ ᠨᠢ ᠣᠷᠣᠭᠠᠳ
ᠪᠤᠷᠭᠠᠰᠤ ᠵᠦᠯᠭᠡ ᠨᠢ ᠨᠤᠭᠤᠭᠠᠷᠬᠠᠰᠠᠨ
ᠪᠤᠯᠲᠤ ᠰᠢᠪᠠᠭᠤᠳ ᠴᠤᠭᠯᠠᠷᠠᠭᠠᠳ
ᠪᠤᠵᠠᠭᠠᠢ ᠰᠠᠢᠬᠠᠨ ᠨᠤᠲᠤᠭ ᠪᠣᠢ᠃
ᠯᠤᠤ ᠲᠠᠢ ᠲᠠᠶᠠᠭ ᠢ᠋ᠶ᠋ᠠᠨ ᠲᠤᠯᠤᠭᠠᠳ
ᠯᠦᠩᠲᠠᠩ ᠡᠷᠢᠭᠡ ᠪᠡᠨ ᠪᠠᠷᠢᠭᠠᠳ
ᠯᠤᠲᠤ ᠪᠠᠲᠤ ᠢᠪᠡᠭᠡᠯ ᠲᠡᠢ
ᠶᠠᠭᠤ ᠲᠠᠢ ᠰᠠᠢᠬᠠᠨ ᠬᠥᠭᠰᠢᠳ ᠪᠣᠢ᠃
ᠪᠤᠶᠠᠨᠲᠤ ᠨᠣᠮ ᠢ᠋ ᠰᠣᠨᠣᠰᠤᠭᠴᠢ
ᠪᠠᠭᠤᠷᠢ ᠲᠠᠢ ᠢᠷᠦᠭᠡᠯ ᠢ᠋ ᠲᠠᠯᠪᠢᠭᠴᠢ
ᠪᠤᠭᠤᠷᠤᠯ ᠴᠠᠭᠠᠨ ᠦᠰᠦ ᠲᠠᠢ
ᠪᠤᠶᠠᠨ ᠲᠠᠢ ᠰᠠᠢᠬᠠᠨ ᠪᠤᠭᠤᠷᠤᠯ ᠤ᠋ᠳ ᠪᠣᠢ᠃
ᠪᠤᠶᠠᠨᠲᠤ ᠨᠣᠮ ᠢ᠋ ᠰᠣᠨᠣᠰᠤᠭᠴᠢ
ᠪᠠᠭᠤᠷᠢ ᠲᠠᠢ ᠢᠷᠦᠭᠡᠯ ᠢ᠋ ᠲᠠᠯᠪᠢᠭᠴᠢ
ᠪᠤᠭᠤᠷᠤᠯ ᠴᠠᠭᠠᠨ ᠦᠰᠦ ᠲᠠᠢ
ᠪᠤᠶᠠᠨ ᠲᠠᠢ ᠰᠠᠢᠬᠠᠨ ᠪᠤᠭᠤᠷᠤᠯ ᠤ᠋ᠳ ᠪᠣᠢ᠃
ᠣᠯᠣᠮ ᠦᠭᠡᠢ ᠳᠠᠯᠠᠢ ᠰᠢᠭ᠋ ᠭᠦᠨᠵᠡᠭᠡᠢ
ᠣᠭᠲᠠᠷᠭᠤᠢ ᠶ᠋ᠢᠨ ᠭᠦᠨ ᠰᠢᠭ ᠤᠬᠠᠭᠠᠯᠢᠭ
ᠣᠯᠠᠨ ᠰᠢᠨ᠎ᠡ ᠶ᠋ᠢ ᠪᠦᠲᠦᠭᠡᠭᠰᠡᠨ
ᠣᠷᠭᠢᠯᠳᠤ ᠰᠠᠢᠬᠠᠨ ᠬᠣᠲᠠ ᠪᠠᠢᠨ᠎ᠠ᠃
ᠳᠠᠭᠲᠠᠨ ᠭᠠᠩ ᠵᠤᠳ ᠦᠭᠡᠢ
ᠲᠡᠢᠨ ᠳᠡᠭᠡᠷᠡᠮ ᠦ᠋ᠨ ᠠᠶᠤᠯ ᠦᠭᠡᠢ
ᠳᠠᠯᠠᠢ ᠵᠢᠷᠭᠠᠯ ᠢ᠋ᠶ᠋ᠠᠷ ᠪᠦᠷᠢᠳᠦᠭᠰᠡᠨ
ᠳᠠᠩᠴᠤ ᠰᠠᠢᠬᠠᠨ ᠵᠢᠷᠭᠠᠯ ᠲᠠᠢ᠃
ᠪᠣᠷᠣᠭ᠎ᠠ ᠬᠤᠷ᠎ᠠ ᠨᠢ ᠣᠷᠣᠭᠠᠳ
ᠪᠤᠷᠭᠠᠰᠤ ᠵᠦᠯᠭᠡ ᠨᠢ ᠨᠤᠭᠤᠭᠠᠷᠬᠠᠰᠠᠨ
ᠪᠤᠯᠲᠤ ᠰᠢᠪᠠᠭᠤᠳ ᠴᠤᠭᠯᠠᠷᠠᠭᠠᠳ
ᠪᠤᠶᠠᠨ ᠲᠠᠢ ᠰᠠᠢᠬᠠᠨ ᠨᠤᠲᠤᠭ ᠪᠣᠢ᠃
ᠳᠠᠯᠠᠢ ᠵᠢᠷᠭᠠᠯ ᠢ᠋ᠶ᠋ᠠᠷ ᠪᠦᠷᠢᠯᠳᠦᠭᠰᠡᠨ
ᠳᠠᠩᠴᠤ ᠰᠠᠢᠬᠠᠨ ᠵᠢᠷᠭᠠᠯ ᠲᠠᠢ᠃
ᠦᠰᠦᠭ ᠬᠠᠲᠠᠭᠰᠠᠨ ᠨᠢ᠄ ᠰᠠᠴᠠᠨᠬᠡᠷᠠᠯ
ᠦᠰᠦᠭ ᠠᠮᠢᠯᠠᠭᠤᠯᠤᠭᠰᠠᠨ ᠨᠢ᠄ ᠰᠠᠴᠠᠨᠬᠡᠷᠠᠯ
ᠬᠢᠨᠠᠭᠴᠢ ᠪᠠᠭᠰᠢ᠄ ᠮᠠᠨᠳᠠᠷᠠᠸ᠎ᠠ
ᠬᠤᠲᠤᠭᠲᠤ ᠵᠢᠨ ᠳᠠᠭᠤᠤ ᠵᠢ ᠰᠣᠨᠣᠰᠤᠭᠰᠠᠨ ᠬᠥᠮᠦᠨ ᠪᠦᠬᠦᠨ ᠬᠤᠲᠤᠭᠲᠤ ᠵᠢᠨ ᠠᠪᠢᠰᠢᠭ᠌ ᠢᠷᠦᠭᠡᠯ ᠳ᠋ᠦ᠍ ᠪᠠᠭᠲᠠᠵᠤ᠂ ᠰᠠᠢᠬᠠᠨ ᠡᠷᠴᠢᠮ ᠡᠨᠧᠷᠭᠢ ᠪᠠᠷ ᠲᠡᠳᠬᠦᠭᠳᠡᠨ ᠶᠠᠭᠤ ᠰᠠᠨᠠᠭᠰᠠᠨ ᠶᠢᠰᠦᠨ ᠴᠠᠭᠠᠨ ᠬᠦᠰᠡᠯ ᠪᠦᠬᠦᠨ ᠨᠢ ᠪᠡᠶᠡᠯᠡᠵᠦ᠂ ᠦᠷᠭᠦᠯᠵᠢ ᠳᠡᠪᠵᠢᠨ ᠳᠡᠭᠡᠭᠰᠢᠯᠡᠵᠦ ᠶᠠᠪᠤᠬᠤ ᠵᠢᠨ ᠰᠠᠢᠬᠠᠨ ᠢᠷᠦᠭᠡᠯ ᠢ ᠡᠷᠭᠦᠶ᠎ᠡ᠃
