ᠢᠰᠡᠭᠡᠢ ᠪᠠᠢᠭᠰᠠᠨЭсгий байсан
ᠢᠰᠡᠭᠡᠢ ᠪᠠᠢᠭᠰᠠᠨ
ᠡᠬᠡ ᠡᠴᠡ ᠲᠥᠷᠥᠬᠦ ᠳ᠋ᠦ᠍ ᠠᠩᠬᠠᠷᠤᠭᠰᠠᠨ ᠲᠩᠷᠢ ᠮᠢᠨᠢ ᠢᠰᠡᠭᠡᠢ ᠪᠠᠢᠭᠰᠠᠨ᠂
ᠡᠬᠢᠯᠡᠵᠦ ᠮᠡᠳᠡᠭᠰᠡᠨ ᠠᠯᠲᠠᠨ ᠳᠡᠯᠡᠬᠡᠢ ᠮᠢᠨᠢ ᠢᠰᠡᠭᠡᠢ ᠪᠠᠢᠭᠰᠠᠨ᠂
ᠲᠦᠰᠢᠭᠡᠳ ᠪᠣᠰᠬᠤ ᠳ᠋ᠤ᠌ ᠠᠭᠤᠯᠠᠰ ᠤ᠋ᠨ ᠮᠢᠨᠢ ᠬᠠᠶᠠᠭ᠎ᠠ ᠢᠰᠡᠭᠡᠢ ᠪᠠᠢᠭᠰᠠᠨ᠂
ᠳᠦᠷᠡᠯᠵᠡᠨ ᠨᠣᠴᠣᠳᠠᠭ ᠲᠤᠯᠭ᠎ᠠ ᠶ᠋ᠢᠨ ᠭᠠᠯ ᠮᠢᠨᠢ ᠢᠰᠡᠭᠡᠢ ᠪᠠᠢᠭᠰᠠᠨ᠂
ᠵᠤᠳ ᠤ᠋ᠨ ᠵᠢᠯ ᠦ᠋ᠨ ᠰᠢᠭᠤᠷᠭ᠎ᠠ ᠨᠠᠮ᠎ᠠ ᠶ᠋ᠢ ᠭᠤᠶᠠᠳᠠᠵᠤ ᠥᠯᠴᠢᠷ ᠪᠣᠯᠭᠠᠭᠰᠠᠨ᠂
ᠵᠤᠨ ᠤ᠋ ᠰᠥᠨᠢ ᠶ᠋ᠢᠨ ᠪᠣᠷᠣᠭ᠎ᠠ ᠳᠡᠭᠡᠪᠦᠷ ᠪᠥᠮᠪᠥᠭᠡᠳᠡᠵᠦ ᠨᠠᠳᠠ ᠰᠢᠯᠦᠭ ᠥᠭᠭᠦᠭᠰᠡᠨ᠂
ᠤᠨᠢᠨ ᠳ᠋ᠤ᠌ ᠬᠠᠪᠴᠢᠭᠤᠯᠤᠭᠰᠠᠨ ᠰᠣᠨᠢᠨ ᠤ᠋ ᠲᠠᠰᠤᠷᠬᠠᠢ ᠮᠢᠨᠦ ᠣᠳᠣ ᠲᠠᠢ ᠰᠠᠨᠰᠠᠷ ᠪᠠᠢᠭᠰᠠᠨ᠂
ᠤᠲᠤᠭᠠᠨ ᠳ᠋ᠤ᠌ ᠰᠢᠷᠠᠭᠰᠠᠨ ᠠᠪᠳᠠᠷ᠎ᠠ ᠲᠠᠢ ᠨᠣᠮ ᠤ᠋ᠨ ᠮᠢᠨᠢ ᠠᠯᠲᠠᠨ ᠣᠪᠣᠭ᠎ᠠ ᠪᠠᠢᠭᠰᠠᠨ᠂
ᠳᠡᠭᠡᠪᠦᠷ ᠳᠡᠭᠡᠷ᠎ᠡ ᠠᠶᠤᠩᠭ᠎ᠠ ᠪᠠᠭᠤᠬᠤ ᠳ᠋ᠤ᠌ ᠳᠠᠭᠤᠨ ᠨᠢ ᠢᠰᠡᠭᠡᠢ ᠪᠠᠢᠭᠰᠠᠨ᠂
ᠳᠡᠯᠡᠬᠡᠢ ᠳ᠋ᠦ᠍ ᠭᠠᠵᠠᠷ ᠬᠥᠳᠡᠯᠬᠦ ᠳ᠋ᠦ᠍ ᠳᠤᠭᠲᠤᠷᠬᠤ ᠨᠢ ᠢᠰᠡᠭᠡᠢ ᠪᠠᠢᠭᠰᠠᠨ᠂
ᠪᠠᠭ᠎ᠠ ᠶ᠋ᠢᠨ ᠮᠢᠨᠢ ᠵᠡᠭᠦᠳᠦᠯᠡᠳᠡᠭ ᠦᠨᠡᠭᠡ ᠢᠰᠡᠭᠡᠢ ᠪᠠᠢᠭᠰᠠᠨ᠂
ᠪᠠᠶᠠᠨ ᠮᠤᠩᠬᠠᠭ ᠤ᠋ᠨ ᠲᠣᠰᠣᠲᠠᠢ ᠪᠠᠷᠢᠭᠤᠯ ᠯᠠ ᠢᠰᠡᠭᠡᠢ ᠪᠠᠢᠭᠰᠠᠨ᠂
ᠦᠯᠢᠭᠡᠷ ᠦ᠋ᠨ ᠳᠠᠯᠠᠢ ᠲᠣᠭᠣᠭᠠᠨᠲᠡᠮᠦᠷᠡ ᠠᠪᠤ ᠮᠢᠨᠢ ᠢᠰᠡᠭᠡᠢ ᠭᠤᠲᠤᠯ ᠲᠠᠢ ᠪᠠᠢᠭᠰᠠᠨ᠂
ᠡᠭᠦᠷᠴᠦ ᠶᠠᠪᠤᠳᠠᠭ ᠪᠢᠴᠢᠭ ᠦ᠋ᠨ ᠪᠣᠭᠴᠣ ᠮᠢᠨᠢ ᠢᠰᠡᠭᠡᠢ ᠪᠠᠢᠭᠰᠠᠨ᠂
ᠠᠯᠠᠭ ᠨᠤᠲᠤᠭ ᠤ᠋ᠨ ᠬᠠᠮᠢᠭ᠎ᠠ ᠭᠠᠵᠠᠷ ᠦᠭᠡᠢ ᠮᠢᠨᠦ ᠨᠤᠲᠤᠭ ᠤ᠋ᠨ ᠰᠢᠷ᠎ᠠ ᠢᠰᠡᠭᠡᠢ ᠪᠠᠢᠳᠠᠭ᠃
ᠠᠯᠤᠰ ᠭᠠᠵᠠᠷ ᠰᠠᠵᠢᠯᠠᠨ ᠶᠠᠪᠤᠬᠤ ᠳ᠋ᠤ᠌ ᠬᠥᠮᠦᠨ ᠦ᠌ ᠨᠤᠲᠤᠭ ᠤ᠋ᠨ ᠴᠢᠯᠠᠭᠤ ᠴᠤ᠌ ᠢᠰᠡᠭᠡᠢ ᠪᠠᠢᠭᠰᠠᠨ᠂ ᠢᠰᠡᠭᠡᠢ ᠪᠠᠢᠭᠰᠠᠨ᠃
ᠢᠷᠡᠯᠲᠡ ᠄ ᠰᠦᠯᠵᠢᠶᠡᠨ ᠡᠴᠡ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ ᠄ ᠴᠢ · ᠤᠷᠠᠨᠴᠡᠴᠡᠭ
ᠬᠢᠨᠠᠯᠲᠠ ᠄ ᠵᠡᠷᠮᠤᠳ ᠥᠯᠵᠡᠢ᠂ ᠭᠠᠷᠮ᠎ᠠ᠂ ᠲᠡᠰᠢᠮᠡ ᠨᠠᠷ
