ᠰᠠᠢᠬᠠᠨ ᠡᠪᠦᠯ ᠪᠣᠯᠬᠤ ᠨᠢ - ᠰᠦᠮᠪᠦᠷСайхан өвөл болох нь-Сүмбэр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ ᠡᠪᠦᠯ ᠪᠣᠯᠬᠤ ᠨᠢ - ᠰᠦᠮᠪᠦᠷСайхан өвөл болох нь-Сүмбэр

ᠰᠠᠢᠬᠠᠨ ᠡᠪᠦᠯ ᠪᠣᠯᠬᠤ ᠨᠢ - ᠰᠦᠮᠪᠦᠷСайхан өвөл болох нь-Сүмбэр

ᠠᠩᠭᠢᠯᠠᠯ:ᠳᠠᠭᠤᠤ ᠬᠥᠭᠵᠢᠮ
2024-11-25

2193

ᠰᠠᠢᠬᠠᠨ ᠡᠪᠦᠯ ᠪᠣᠯᠬᠤ ᠨᠢ

   ᠰᠢᠯᠦᠭ᠄ ᠴᠠᠩᠨᠠᠳᠣᠷᠵᠢ 
   ᠠᠶᠠᠯᠭᠤ᠄ ᠴᠢᠪᠴᠢᠨ᠂ ᠪᠣᠯᠣᠳ 
   ᠬᠥᠭᠵᠢᠮ ᠦ᠋ᠨ ᠨᠠᠢᠷᠠᠭᠤᠯᠤᠭᠴᠢ᠄  ᠬᠡᠰᠢᠭ᠌ᠪᠠᠶᠠᠷ 
   ᠳᠠᠭᠤᠴᠢᠨ᠄ ᠰᠦᠮᠪᠦᠷ 
   ᠰᠢᠩᠭᠡᠬᠡᠨ ᠦᠢᠯᠡᠳᠦᠭᠰᠡᠨ ᠨᠢ᠄ ᠲᠣᠲᠣᠰᠠᠢᠬᠠᠨ 

ᠰᠠᠢᠬᠠᠨ ᠵᠡᠯᠡᠯᠡᠭᠰᠡᠨ ᠰᠢᠪᠠᠭᠤᠳ ᠰᠠᠷᠠᠨ ᠳ᠋ᠤ᠌ ᠡᠪᠦᠯᠵᠢᠬᠦ ᠪᠡᠷ ᠨᠢᠰᠴᠢᠬᠡᠭᠰᠡᠨ 
ᠰᠠᠯᠠᠭ᠎ᠠ ᠮᠣᠳᠣᠨ ᠤ᠋ ᠨᠠᠪᠴᠢᠰ ᠨᠠᠷᠠᠨ ᠳ᠋ᠤ᠌ ᠳᠡᠯᠭᠡᠷᠡᠬᠦ ᠪᠡᠷ ᠬᠡᠢᠰᠴᠢᠬᠡᠭᠰᠡᠨ 
ᠰᠠᠭᠯᠠᠭᠠᠷ ᠬᠠᠩᠭᠠᠢ ᠶ᠋ᠢᠨ ᠠᠭᠤᠯᠠᠰ ᠭᠤᠨᠢᠭ ᠢ᠋ᠶ᠋ᠠᠨ ᠨᠢᠭᠤᠭᠠᠳ ᠴᠠᠢᠷᠠᠴᠢᠬᠠᠭᠰᠠᠨ 
ᠰᠠᠭᠠᠯᠢᠴᠢᠨ ᠪᠦᠰᠡᠭᠦᠢ ᠳᠤᠯᠠᠭᠠᠯᠠᠭᠠᠳ ᠬᠤᠷᠠᠭᠠᠨ ᠳᠡᠪᠡᠯ ᠢ᠋ᠶ᠋ᠡᠨ ᠡᠮᠦᠰᠴᠢᠬᠡᠭᠰᠡᠨ 
ᠰᠠᠢᠬᠠᠨ ᠡᠪᠦᠯ ᠪᠣᠯᠬᠤ ᠨᠢ ᠠ᠋᠂ ᠰᠠᠢᠬᠠᠨ ᠡᠪᠦᠯ ᠪᠣᠯᠬᠤ ᠨᠢ ᠠ᠋ 

ᠴᠡᠴᠡᠭ ᠦ᠋ᠨ ᠠᠮᠠᠷᠠᠭ ᠡᠷᠪᠡᠬᠡᠢ ᠴᠠᠷᠳᠠ ᠶ᠋ᠢᠨ ᠴᠢᠯᠠᠭᠤᠨ ᠳ᠋ᠤ᠌ ᠰᠢᠩᠭᠡᠴᠢᠬᠡᠭᠰᠡᠨ
ᠴᠡᠩᠭᠡᠭ ᠤᠰᠤᠨ ᠤ᠋ ᠵᠢᠷᠠᠭᠠᠬᠠᠢ ᠴᠡᠭᠡᠯ ᠦ᠋ᠨ ᠴᠥᠬᠥᠷᠡᠮ ᠳ᠋ᠦ᠍ ᠨᠢᠭᠤᠭᠳᠠᠴᠢᠬᠠᠭᠰᠠᠨ
ᠥᠭᠡᠯᠡᠭᠡ ᠪᠢᠴᠢᠬᠠᠨ ᠪᠣᠯᠵᠣᠮᠣᠷ ᠡᠭᠦᠷ ᠢ᠋ᠶ᠋ᠡᠨ ᠵᠠᠰᠠᠭᠠᠳ ᠲᠣᠭᠯᠠᠴᠢᠬᠠᠭᠰᠠᠨ
ᠦᠷ ᠰᠥᠨᠢ ᠶ᠋ᠢᠨ ᠵᠠᠭᠠᠭ ᠢ᠋ᠶ᠋ᠠᠷ ᠦᠨᠡᠭᠡ ᠬᠢᠷᠰᠠ ᠱᠣᠭᠰᠢᠴᠢᠬᠠᠭᠰᠠᠨ
ᠰᠠᠢᠬᠠᠨ ᠡᠪᠦᠯ ᠪᠣᠯᠬᠤ ᠨᠢ ᠠ᠋᠂ ᠰᠠᠢᠬᠠᠨ ᠡᠪᠦᠯ ᠪᠣᠯᠬᠤ ᠨᠢ ᠠ᠋

ᠭᠠᠵᠠᠷ ᠤ᠋ᠨ ᠡᠵᠡᠨ ᠰᠠᠪᠳᠠᠭ ᠭᠠᠯᠪᠠ ᠶ᠋ᠢᠨ ᠬᠥᠷᠥᠰᠥᠨ ᠳ᠋ᠦ᠍ ᠨᠣᠢᠷᠰᠤᠴᠢᠬᠠᠭᠰᠠᠨ
ᠭᠠᠯ ᠤ᠋ᠨ ᠪᠤᠷᠬᠠᠨ ᠰᠠᠬᠢᠭᠤᠰᠤ ᠭᠠᠩ ᠲᠤᠯᠭᠠᠨ ᠳ᠋ᠤ᠌ ᠮᠠᠨᠳᠤᠴᠢᠬᠠᠭᠰᠠᠨ
ᠰᠦᠢᠬᠡ ᠮᠥᠩᠭᠥᠨ ᠲᠠᠯᠠᠰᠲᠤ ᠠ᠋ᠴᠠ ᠴᠠᠰᠤᠨ ᠤ᠋ ᠰᠣᠯᠣᠩᠭ᠎ᠠ ᠲᠠᠲᠠᠴᠢᠬᠠᠭᠰᠠᠨ
ᠰᠦ ᠡᠷᠭᠦᠭᠰᠡᠨ ᠡᠵᠢ ᠢᠰᠡᠭᠡᠢ ᠭᠤᠲᠤᠯ ᠢ᠋ᠶ᠋ᠠᠷ ᠭᠤᠶᠤᠴᠢᠬᠠᠭᠰᠠᠨ
ᠰᠠᠢᠬᠠᠨ ᠡᠪᠦᠯ ᠪᠣᠯᠬᠤ ᠨᠢ ᠠ᠋᠂ ᠰᠠᠢᠬᠠᠨ ᠡᠪᠦᠯ ᠪᠣᠯᠬᠤ ᠨᠢ ᠠ᠋
ᠰᠠᠢᠬᠠᠨ ᠡᠪᠦᠯ ᠪᠣᠯᠬᠤ ᠨᠢ ᠠ᠋᠂
ᠰᠠᠢᠬᠠᠨ ᠡᠪᠦᠯ ᠪᠣᠯᠬᠤ ᠨᠢ ᠠ᠋

  ᠦᠰᠦᠭ ᠠᠮᠢᠯᠠᠭᠤᠯᠤᠭᠴᠢ᠄ ᠰᠣᠳᠣ
  ᠦᠰᠦᠭ ᠬᠠᠲᠠᠭᠴᠢ᠄ ᠰᠣᠳᠣ
  ᠬᠢᠨᠠᠭᠴᠢ᠄ ᠣᠳᠬᠠᠨᠰᠸ᠎ᠠ