ᠡᠵᠢ ᠮᠢᠨᠢ ᠤᠷᠲᠤ ᠨᠠᠰᠤᠯᠠᠭᠠᠷᠠᠢ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠮᠢᠨᠢ ᠤᠷᠲᠤ ᠨᠠᠰᠤᠯᠠᠭᠠᠷᠠᠢ -ᠮᠠᠨᠳᠤᠬᠤ ᠪᠠᠭᠰᠢ ᠶᠢᠨ ᠤᠷᠠᠨ ᠪᠢᠴᠢᠯᠭᠡ

ᠡᠵᠢ ᠮᠢᠨᠢ ᠤᠷᠲᠤ ᠨᠠᠰᠤᠯᠠᠭᠠᠷᠠᠢ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-11-25

492

ᠡᠵᠢ ᠮᠢᠨᠢ ᠤᠷᠲᠤ ᠨᠠᠰᠤᠯᠠᠭᠠᠷᠠᠢ


     ᠦᠭᠡ᠄ ᠭᠤ᠂ ᠰᠠᠢᠨᠪᠠᠶᠠᠷ  
     ᠠᠶ᠎ᠠ᠄ ᠰᠤᠷᠲᠠᠯᠲᠤ    
     ᠳᠠᠭᠤᠴᠢᠨ᠄ ᠣᠳᠬᠠᠨᠲᠤᠶᠠᠭ᠎ᠠ  

ᠡᠵᠢ ᠮᠢᠨᠢ ᠮᠡᠨᠳᠦ ᠪᠠᠢᠪᠠᠯ ᠪᠢ ᠲᠥᠷᠬᠥᠮ ᠲᠡᠢ   
ᠡᠵᠢ ᠮᠢᠨᠢ ᠮᠡᠨᠳᠦ ᠪᠠᠢᠪᠠᠯ ᠪᠢ ᠬᠡᠦᠬᠡᠳ ᠢ᠋ᠶ᠋ᠡᠷ ᠢ᠋ᠶ᠋ᠡᠨ   
ᠪᠠᠢᠨ ᠪᠠᠢᠨ ᠬᠠᠷᠢᠬᠤ ᠰᠢᠯᠲᠠᠭ ᠲᠠᠢ   
ᠪᠠᠶᠠᠷ ᠤ᠋ᠨ ᠠᠳᠢᠰ ᠬᠦᠷᠲᠡᠬᠦ ᠳᠤᠷ᠎ᠠ ᠲᠠᠢ  
ᠤᠷᠲᠤ ᠨᠠᠰᠤᠯᠠᠭᠠᠷᠠᠢ ᠡᠵᠢ ᠮᠢᠨᠢ
ᠤᠳᠠᠭᠠᠨ ᠵᠢᠷᠭᠠᠭᠠᠷᠠᠢ ᠡᠵᠢ ᠮᠢᠨᠢ᠃

ᠡᠵᠢ ᠮᠢᠨᠢ ᠮᠡᠨᠳᠦ ᠪᠠᠢᠪᠠᠯ ᠪᠢ ᠲᠦᠰᠢᠭ ᠲᠡᠢ
ᠡᠵᠢ ᠮᠢᠨᠢ ᠮᠡᠨᠳᠦ ᠪᠠᠢᠪᠠᠯ ᠪᠢ ᠡᠷᠬᠡ ᠪᠡᠷ ᠢ᠋ᠶ᠋ᠡᠨ
ᠬᠠᠷᠢᠨ ᠬᠠᠷᠢᠨ ᠡᠷᠭᠢᠬᠦ ᠤᠴᠢᠷ ᠲᠠᠢ
ᠬᠠᠢᠷ᠎ᠠ ᠶ᠋ᠢᠨ ᠢᠷᠦᠭᠡᠯ ᠠᠪᠬᠤ ᠪᠤᠶᠠᠨ ᠲᠠᠢ
ᠤᠷᠲᠤ ᠨᠠᠰᠤᠯᠠᠭᠠᠷᠠᠢ ᠡᠵᠢ ᠮᠢᠨᠢ
ᠤᠳᠠᠭᠠᠨ ᠵᠢᠷᠭᠠᠭᠠᠷᠠᠢ ᠡᠵᠢ ᠮᠢᠨᠢ᠃

ᠡᠵᠢ ᠮᠢᠨᠢ ᠮᠡᠨᠳᠦ ᠪᠠᠢᠪᠠᠯ ᠪᠢᠳᠡ ᠲᠦᠰᠢᠭ ᠲᠡᠢ
ᠡᠵᠢ ᠮᠢᠨᠢ ᠮᠡᠨᠳᠦ ᠪᠠᠢᠪᠠᠯ ᠪᠢᠳᠡ ᠣᠯᠠᠭᠤᠯᠠ ᠪᠠᠨ
ᠨᠡᠢᠯᠡᠨ ᠨᠡᠢᠯᠡᠨ ᠨᠠᠷᠭᠢᠬᠤ ᠬᠤᠪᠢ ᠲᠠᠢ
ᠨᠡᠢᠲᠡ ᠶ᠋ᠢᠨ ᠵᠢᠷᠭᠠᠯ ᠢ᠋ᠶ᠋ᠠᠨ ᠬᠤᠪᠢᠶᠠᠯᠴᠠᠬᠤ ᠠᠵᠠ ᠲᠠᠢ
ᠤᠷᠲᠤ ᠨᠠᠰᠤᠯᠠᠭᠠᠷᠠᠢ ᠡᠵᠢ ᠮᠢᠨᠢ
ᠤᠳᠠᠭᠠᠨ ᠵᠢᠷᠭᠠᠭᠠᠷᠠᠢ ᠡᠵᠢ ᠮᠢᠨᠢ
ᠤᠷᠲᠤ ᠨᠠᠰᠤᠯᠠᠭᠠᠷᠠᠢ ᠡᠵᠢ ᠮᠢᠨᠢ
ᠤᠳᠠᠭᠠᠨ ᠵᠢᠷᠭᠠᠭᠠᠷᠠᠢ ᠡᠵᠢ ᠮᠢᠨᠢ
ᠤᠳᠠᠭᠠᠨ ᠵᠢᠷᠭᠠᠭᠠᠷᠠᠢ ᠡᠵᠢ ᠮᠢᠨᠢ᠃
     
ᠦᠰᠦᠭ ᠠᠮᠢᠯᠠᠭᠤᠯᠤᠭᠴᠢ᠄ ᠨᠠᠷᠠᠨᠲᠣᠭᠣᠰ
       ᠬᠢᠨᠠᠭᠴᠢ᠄ ᠤᠤᠭᠠᠨᠵᠢᠳ