ᠰᠢᠨ᠎ᠡ ᠶ᠋ᠢᠨ ᠵᠣᠯᠭᠠᠯᠲᠠ -ᠰᠠᠢᠰᠢᠶᠠᠯᠲᠤ Шинийн золголт-Сайшаалд
ᠰᠢᠨ᠎ᠡ ᠶ᠋ᠢᠨ ᠵᠣᠯᠭᠠᠯᠲᠠ
ᠦᠭᠡ᠄ ᠬᠦᠬᠡᠰᠢᠭᠤᠢ
ᠠᠶ᠎ᠠ᠄ ᠰᠢᠡᠵᠢᠯᠳᠦ
ᠳᠠᠭᠤᠴᠢᠨ᠄ ᠰᠠᠢᠰᠢᠶᠠᠯᠲᠤ
ᠠᠷᠢᠭᠤᠨ ᠴᠠᠭᠠᠨ ᠬᠠᠳᠠᠭ ᠢ᠋ᠶ᠋ᠠᠨ
ᠠᠯᠠᠭᠠᠨ ᠳᠡᠭᠡᠷ᠎ᠡ ᠪᠡᠨ ᠲᠠᠯᠪᠢᠭᠠᠳ
ᠠᠴᠢᠯᠠᠯ ᠶᠡᠬᠡ ᠠᠪᠤ ᠳ᠋ᠤ᠌ ᠪᠠᠨ
ᠠᠮᠤᠷ ᠠᠰᠠᠭᠤᠨ ᠮᠥᠷᠭᠥᠨ ᠵᠣᠯᠭᠠᠶ᠎ᠠ
ᠡᠭᠦᠯᠡᠨ ᠴᠡᠩᠬᠡᠷ ᠬᠠᠳᠠᠭ ᠢ᠋ᠶ᠋ᠠᠨ
ᠡᠮᠦᠨ᠎ᠡ ᠲᠠᠯ᠎ᠠ ᠳ᠋ᠤ᠌ ᠪᠠᠨ ᠪᠠᠷᠢᠭᠠᠳ
ᠥᠷᠥᠰᠢᠶᠡᠯ ᠶᠡᠬᠡ ᠡᠵᠢ ᠳ᠋ᠦ᠍ ᠪᠡᠨ
ᠮᠡᠨᠳᠦ ᠠᠰᠠᠭᠤᠨ ᠰᠥᠬᠥᠷᠡᠵᠦ ᠵᠣᠯᠭᠠᠶ᠎ᠠ
ᠰᠠᠢᠨ ᠰᠢᠨᠡᠯᠡᠪᠡ ᠦᠤ ᠠᠪᠤ ᠡᠵᠢ ᠮᠢᠨᠢ
ᠰᠠᠷᠬᠤᠳ ᠤ᠋ᠨ ᠳᠡᠭᠡᠵᠢ ᠪᠡᠨ ᠡᠷᠭᠦᠨ ᠪᠠᠷᠢᠶ᠎ᠠ
ᠡᠨᠡᠷᠢᠯ ᠦ᠋ᠨ ᠶᠡᠬᠡ ᠲᠡᠭᠷᠢ ᠮᠢᠨᠢ
ᠡᠯᠢᠭᠡ ᠪᠦᠲᠦᠨ ᠵᠢᠷᠭᠠᠭᠠᠷᠠᠢ
ᠰᠠᠮᠪᠠᠢ ᠴᠠᠭᠠᠨ ᠬᠠᠳᠠᠭ ᠢ᠋ᠶ᠋ᠠᠨ
ᠠᠯᠳᠠᠯᠠᠨ ᠠᠯᠳᠠᠯᠠᠨ ᠳᠡᠯᠭᠡᠭᠡᠳ
ᠰᠠᠷᠠᠭᠤᠯ ᠮᠣᠩᠭᠣᠯ ᠨᠤᠲᠤᠭ ᠲᠤ᠌ ᠪᠠᠨ
ᠰᠠᠷ᠎ᠠ ᠰᠢᠨ᠎ᠡ ᠶ᠋ᠢᠨ ᠵᠣᠯᠭᠠᠯᠲᠠ ᠬᠢᠶ᠎ᠡ
ᠰᠠᠢᠨ ᠰᠢᠨᠠᠯᠠᠪᠠ ᠦᠤ ᠨᠤᠲᠤᠭ ᠮᠢᠨᠢ
ᠰᠠᠢᠨ ᠤ᠋ ᠢᠷᠦᠭᠡᠯ ᠢ᠋ᠶ᠋ᠡᠨ ᠳᠡᠪᠰᠢᠭᠦᠯᠦᠶ᠎ᠡ
ᠬᠠᠢᠷ᠎ᠠ ᠶ᠋ᠢᠨ ᠳᠠᠷᠬᠠᠨ ᠥᠯᠥᠭᠡᠢ ᠮᠢᠨᠢ
ᠬᠡᠵᠢᠶᠡᠳᠡ ᠠᠮᠤᠭᠤᠯᠠᠩ ᠪᠠᠢᠭᠠᠰᠠᠢ
ᠰᠠᠢᠨ ᠰᠢᠨᠠᠯᠠᠪᠠ ᠨᠤᠲᠤᠭ ᠮᠢᠨᠢ
ᠰᠠᠢᠨ ᠤ᠋ ᠢᠷᠦᠭᠡᠯ ᠢ᠋ᠶ᠋ᠡᠨ ᠳᠡᠪᠰᠢᠭᠦᠯᠦᠶ᠎ᠡ
ᠬᠠᠢᠷ᠎ᠠ ᠶ᠋ᠢᠨ ᠳᠠᠷᠬᠠᠨ ᠥᠯᠥᠭᠡᠢ ᠮᠢᠨᠢ
ᠬᠡᠵᠢᠶᠡᠳᠡ ᠠᠮᠤᠭᠤᠯᠠᠩ ᠪᠠᠢᠭᠠᠰᠠᠢ
ᠬᠡᠵᠢᠶᠡᠳᠡ ᠠᠮᠤᠭᠤᠯᠠᠩ ᠪᠠᠢᠭᠠᠰᠠᠢ
