ᠭᠠᠵᠢᠳ ᠪᠦᠰᠡᠭᠦᠢ -ᠨᠠᠰᠤᠨᠴᠢᠮᠡᠭ Гажид бүсгүй-Насончимэг
ᠭᠠᠵᠢᠳ ᠪᠦᠰᠡᠭᠦᠢ
(ᠤᠷᠠᠳ ᠠᠷᠠᠳ ᠤ᠋ᠨ ᠳᠠᠭᠤᠤ)
ᠳᠠᠭᠤᠴᠢᠨ᠄ ᠨᠠᠰᠤᠨᠴᠢᠮᠡᠭ
ᠲᠥᠭᠥᠷᠢᠭ ᠨᠠᠷᠠᠨ ᠤ᠋ ᠭᠡᠷᠡᠯ ᠪᠠᠢᠨ᠎ᠠ
ᠳᠡᠯᠡᠬᠡᠢ ᠳ᠋ᠡᠭᠡᠨ ᠲᠤᠩᠭᠠᠯᠠᠭ ᠰᠠᠢᠨ
ᠲᠦᠮᠡᠨ ᠣᠯᠠᠨ ᠲᠥᠷᠥᠯ ᠢ᠋ᠶ᠋ᠡᠷ ᠢ᠋ᠶ᠋ᠡᠨ
ᠲᠥᠷᠥ ᠪᠠᠲᠤ ᠰᠠᠢᠨ᠃
ᠡᠭᠦᠯᠡᠨ ᠬᠥᠬᠡ ᠪᠣᠷᠣ ᠮᠣᠷᠢ ᠪᠠᠨ
ᠤᠨᠤᠬᠤ ᠳ᠋ᠤ᠌ ᠪᠠᠨ ᠤᠯᠠᠭ᠎ᠠ ᠨᠢ ᠰᠠᠢᠨ
ᠦᠶ᠎ᠡ ᠶ᠋ᠢᠨ ᠪᠠᠭ᠎ᠠ ᠶ᠋ᠢᠨ ᠭᠠᠵᠢᠳ ᠪᠦᠰᠡᠭᠦᠢ
ᠤᠷᠪᠠᠬᠤ ᠳ᠋ᠠᠭᠠᠨ ᠠᠷᠭ᠎ᠠ ᠲᠠᠢ ᠰᠠᠢᠨ᠃
ᠰᠠᠭᠠᠯᠢ ᠶ᠋ᠢᠨ ᠢ᠋ᠶ᠋ᠡᠨ ᠰᠠᠷᠬᠤᠳ ᠠᠷᠢᠬᠢ ᠪᠠᠷ ᠢ᠋ᠶ᠋ᠠᠨ
ᠰᠠᠭᠠᠲᠠᠭᠤᠯᠵᠤ ᠯᠠ ᠪᠠᠢᠨ᠎ᠠ ᠯᠠᠢ ᠬᠦᠢ
ᠰᠠᠢᠬᠠᠨ ᠵᠠᠩ ᠲᠠᠢ ᠭᠠᠵᠢᠳ ᠪᠦᠰᠡᠭᠦᠢ
ᠢᠨᠢᠶᠡᠮᠰᠦᠭᠯᠡᠭᠡᠳ ᠠᠪᠤᠨ᠎ᠠ ᠯᠠᠢ ᠳ᠋ᠣᠣ᠃
ᠡᠨᠡ ᠴᠢᠨᠢ ᠶᠠᠭᠤ ᠪᠣᠢ? ᠭᠡᠵᠦ ᠯᠡ
ᠭᠠᠢᠬᠠᠨᠠᠵᠦ (ᠭᠠᠢᠬᠠᠵᠤ) ᠯᠠ ᠰᠠᠭᠤᠯ᠎ᠠ ᠬᠦᠢ
ᠰᠡᠮᠡᠭᠡᠷᠬᠡᠨ ᠰᠡᠮᠡᠭᠡᠷᠬᠡᠨ ᠨᠢᠳᠦᠨ ᠦ᠌ ᠪᠡᠨ ᠦᠵᠦᠭᠦᠷ ᠢ᠋ᠶ᠋ᠡᠷ
ᠵᠢᠮᠴᠡᠯᠴᠡᠭᠡᠳ ᠯᠡ ᠠᠪᠤᠨ᠎ᠠ ᠯᠠᠢ ᠳ᠋ᠣᠣ᠃
ᠦᠰᠦᠭ ᠠᠮᠢᠯᠠᠭᠤᠯᠵᠤ᠂ ᠬᠠᠲᠠᠭᠴᠢ᠄ ᠴᠡᠴᠡᠭ
ᠦᠰᠦᠭ ᠬᠠᠳᠠᠭᠴᠢ᠄ ᠴᠡᠴᠡᠭ
ᠬᠢᠨᠠᠭᠴᠢ᠄ ᠣᠳᠬᠠᠨᠰᠤ᠎ᠠ