ᠠᠪᠤ ᠪᠠᠨ ᠰᠠᠨᠠᠯ᠎ᠠ -ᠠᠮᠢᠨ᠎ᠠ Ааваа саналаа-Амина ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤ ᠪᠠᠨ ᠰᠠᠨᠠᠯ᠎ᠠ -ᠠᠮᠢᠨ᠎ᠠ Ааваа саналаа-Амина

ᠠᠪᠤ ᠪᠠᠨ ᠰᠠᠨᠠᠯ᠎ᠠ -ᠠᠮᠢᠨ᠎ᠠ Ааваа саналаа-Амина

ᠠᠩᠭᠢᠯᠠᠯ:ᠳᠠᠭᠤᠤ ᠬᠥᠭᠵᠢᠮ
2024-11-18

1647

ᠠᠪᠤ ᠪᠠᠨ ᠰᠠᠨᠠᠯ᠎ᠠ

  ᠦᠭᠡ᠄ ᠷᠠ᠊᠂ ᠴᠢᠯᠠᠭᠤ 
  ᠠᠶ᠎ᠠ᠄ ᠢᠦᠢ ᠪᠤᠤ 
  ᠳᠠᠭᠤᠴᠢᠨ᠄ ᠠᠮᠢᠨ᠎ᠠ 
ᠨᠠᠮᠤᠷ ᠤ᠋ᠨ ᠵᠢᠩᠳᠡᠬᠦᠨ ᠪᠣᠷᠣᠭᠠᠨ 
ᠨᠠᠮᠢᠷᠠᠨ ᠨᠠᠮᠢᠷᠠᠨ ᠰᠢᠪᠡᠷᠡᠭᠡᠳ ᠪᠠᠢᠨ᠎ᠠ 
ᠨᠢᠭᠡ ᠯᠡ ᠰᠡᠳᠬᠢᠯ ᠮᠢᠨᠢ ᠤᠶᠠᠷᠠᠩᠬᠠᠨ 
ᠨᠢᠯᠪᠤᠰᠤ ᠲᠣᠰᠣᠯᠠᠭᠤᠯᠵᠤ ᠰᠠᠨᠠᠯ᠎ᠠ ᠲᠠᠨ ᠢ᠋ ᠪᠡᠨ 
ᠠᠢ ᠳᠠ᠂ ᠠᠪᠤ ᠮᠢᠨᠢ 
ᠠᠴᠢᠯᠠᠯ ᠤ᠋ᠨ ᠲᠩᠷᠢ ᠠᠪᠤ ᠮᠢᠨᠢ 
ᠠᠢ ᠳᠠ᠂ ᠠᠪᠤ ᠮᠢᠨᠢ 
ᠰᠢᠲᠦᠭᠡᠨ ᠪᠤᠷᠬᠠᠨ ᠠᠪᠤ ᠮᠢᠨᠢ ᠲᠠ 

ᠡᠪᠡᠰᠦᠨ ᠦ᠌ ᠲᠣᠯᠣᠭᠠᠢ ᠰᠢᠷᠭᠠᠯᠲᠤᠭᠠᠳ 
ᠤᠯᠠᠷᠢᠯ ᠤ᠋ᠨ ᠠᠶᠠᠰ ᠢ᠋ᠶ᠋ᠠᠷ ᠭᠠᠩᠬᠤᠭᠠᠳ ᠪᠠᠢᠨ᠎ᠠ
ᠦᠷ᠎ᠡ ᠬᠣᠢᠴᠢᠰ ᠴᠢᠨᠢ ᠲᠠᠨ ᠢ᠋ ᠪᠡᠨ
ᠦᠭᠡᠢᠯᠡᠨ ᠦᠭᠡᠢᠯᠡᠭᠡᠳ ᠳᠤᠷᠠᠰᠤᠭᠠᠳ ᠪᠠᠢᠨ᠎ᠠ ᠳᠠ
ᠠᠢ ᠳᠠ᠂ ᠠᠪᠤ ᠮᠢᠨᠢ
ᠠᠴᠢᠯᠠᠯ ᠤ᠋ᠨ ᠲᠩᠷᠢ ᠠᠪᠤ ᠮᠢᠨᠢ
ᠠᠢ ᠳᠠ᠂ ᠠᠪᠤ ᠮᠢᠨᠢ
ᠰᠢᠲᠦᠭᠡᠨ ᠪᠤᠷᠬᠠᠨ ᠠᠪᠤ ᠮᠢᠨᠢ ᠲᠠ

ᠰᠡᠷᠢᠭᠦᠨ ᠨᠠᠮᠤᠷ ᠤ᠋ᠨ ᠰᠠᠯᠬᠢᠨ
ᠰᠠᠨᠠᠭ ᠰᠠᠨᠠᠭ ᠵᠢᠪᠠᠷᠯᠠᠭᠠᠳ ᠪᠠᠢᠨ᠎ᠠ
ᠰᠠᠯᠤᠭᠠᠳ ᠶᠠᠪᠤᠭᠰᠠᠨ ᠲᠠᠨ ᠢ᠋ ᠪᠡᠨ
ᠰᠠᠨᠠᠨ ᠰᠠᠨᠠᠨ ᠦᠭᠡᠢᠯᠡᠭᠡᠳ ᠪᠠᠢᠨ᠎ᠠ ᠳᠠ
ᠠᠢ ᠳᠠ᠂ ᠠᠪᠤ ᠮᠢᠨᠢ
ᠠᠴᠢᠯᠠᠯ ᠤ᠋ᠨ ᠲᠩᠷᠢ ᠠᠪᠤ ᠮᠢᠨᠢ
ᠠᠢ ᠳᠠ᠂ ᠠᠪᠤ ᠮᠢᠨᠢ
ᠰᠢᠲᠦᠭᠡᠨ ᠪᠤᠷᠬᠠᠨ ᠠᠪᠤ ᠮᠢᠨᠢ ᠲᠠ
ᠰᠢᠲᠦᠭᠡᠨ ᠪᠤᠷᠬᠠᠨ ᠠᠪᠤ ᠮᠢᠨᠢ ᠲᠠ
  ᠦᠰᠦᠭ ᠠᠮᠢᠯᠠᠭᠤᠯᠵᠤ ᠬᠠᠲᠠᠭᠰᠠᠨ ᠨᠢ᠄ ᠰᠣᠳᠣ
  ᠦᠰᠦᠭ ᠬᠢᠨᠠᠭᠴᠢ᠄ ᠢᠷᠡᠭᠡᠳᠦᠢ