ᠲᠩᠷᠢᠯᠢᠭ ᠵᠠᠶᠠᠭᠠᠨ ᠤ᠋ ᠬᠤᠷᠤᠢ – ᠦᠭᠡ ᠄ ᠨᠠᠰᠤᠨ᠂ ᠠᠶ᠎ᠠ᠄ ᠵᠠᠩ ᠬᠣᠩ ᠭᠤᠸᠠᠩ ᠂ᠳᠠᠭᠤᠤ᠄ ᠰᠠᠷᠠᠩᠬᠣᠸᠠᠷ ᠬᠠᠰᠴᠡᠴᠡᠭ ᠨᠠᠷ Тэнгэрлэг заяаны хорой – Үгээ ᠄ Насан ᠂ Аяа᠄ Зан хон гуан ᠂ Дуу᠄ Саранхуар Хасцэцэг нар
ᠲᠩᠷᠢᠯᠢᠭ ᠵᠠᠶᠠᠭᠠᠨ ᠤ᠋ ᠬᠤᠷᠤᠢ
ᠠᠶ᠎ᠠ᠄ ᠵᠠᠩ ᠬᠣᠩ ᠭᠤᠸᠠᠩ
ᠳᠠᠭᠤᠤ᠄ ᠰᠠᠷᠠᠩᠬᠣᠸᠠᠷ ᠬᠠᠰᠴᠡᠴᠡᠭ ᠨᠠᠷ
ᠨᠠᠷᠠᠨ ᠤᠷᠭᠤᠬᠤ ᠪᠤᠶᠠᠨᠲᠤ ᠲᠠᠯ᠎ᠠ ᠶ᠋ᠢᠨ ᠢ᠋ᠶ᠋ᠡᠨ ᠠᠭᠤᠳᠠᠮ ᠠ᠋ᠴᠠ
ᠳᠠᠭᠤᠳᠠᠩᠬᠠᠨ ᠬᠤᠷᠤᠢᠯᠠᠶ᠎ᠠ
ᠰᠠᠷᠠᠨ ᠮᠠᠨᠳᠤᠬᠤ ᠪᠤᠭᠤᠷᠤᠯ ᠠᠭᠤᠯᠠᠰ ᠤ᠋ᠨ ᠢ᠋ᠶ᠋ᠠᠨ ᠥᠨᠳᠥᠷ ᠡᠴᠡ
ᠳᠠᠯᠠᠯᠤᠩᠬᠠᠨ ᠬᠤᠷᠤᠢᠯᠠᠶ᠎ᠠ
ᠲᠡᠭᠷᠢ ᠨᠢ ᠠᠮᠠᠷᠠᠬᠤ ᠴᠡᠩᠬᠡᠷ ᠨᠠᠭᠤᠷ ᠤ᠋ᠨ ᠢ᠋ᠶ᠋ᠠᠨ ᠭᠦᠨ ᠡᠴᠡ
ᠬᠦᠰᠡᠩᠬᠡᠨ ᠬᠤᠷᠤᠢᠯᠠᠶ᠎ᠠ
ᠭᠠᠵᠠᠷ ᠵᠢᠷᠭᠠᠬᠤ ᠬᠣᠩᠭᠣᠷᠬᠠᠨ ᠴᠡᠴᠡᠭᠡᠰ ᠦ᠋ᠨ ᠳᠡᠯᠪᠢ ᠡᠴᠡ
ᠰᠢᠪᠰᠢᠩᠬᠡᠨ ᠬᠤᠷᠤᠢᠯᠠᠶ᠎ᠠ
— ᠬᠤᠷᠤᠢ ᠬᠤᠷᠤᠢ —
ᠬᠥᠬᠡ ᠲᠡᠭᠷᠢ ᠵᠠᠶᠠᠭᠠᠨ ᠤ᠋ ᠬᠡᠢᠮᠣᠷᠢ ᠰᠦᠯᠳᠡ ᠪᠠᠳᠠᠷᠠᠲᠤᠭᠠᠢ
ᠬᠦᠯᠦᠭ ᠨᠢ ᠬᠤᠷᠳᠤᠨ ᠮᠢᠨᠦ ᠥᠪᠥᠷ ᠮᠣᠩᠭᠣᠯ ᠬᠡᠰᠢᠭ ᠪᠤᠶᠠᠨ ᠳᠡᠯᠭᠡᠷᠡᠲᠦᠭᠡᠢ
ᠠᠯᠳᠠᠯᠠᠨ ᠳᠡᠯᠭᠡᠬᠦ ᠥᠯᠵᠡᠢᠲᠦ ᠬᠠᠳᠠᠭ ᠤ᠋ᠨ ᠢ᠋ᠶ᠋ᠠᠨ ᠠᠮᠠ ᠪᠠᠷ
ᠢᠷᠦᠭᠡᠩᠭᠡᠨ ᠬᠤᠷᠤᠢᠯᠠᠶ᠎ᠠ
ᠠᠶᠠᠭᠠᠯᠠᠨ ᠳᠡᠭᠡᠵᠢᠯᠡᠬᠦ ᠠᠷᠢᠭᠤᠨ ᠰᠦᠨ ᠦ᠌ ᠪᠡᠨ ᠰᠠᠴᠤᠯᠢ ᠪᠠᠷ
ᠮᠢᠯᠢᠶᠠᠩᠬᠠᠨ ᠬᠤᠷᠤᠢᠯᠠᠶ᠎ᠠ
ᠠᠰᠠᠨ ᠳᠦᠷᠡᠯᠵᠡᠬᠦ ᠠᠯᠲᠠᠨ ᠲᠤᠯᠭᠠᠨ ᠤ᠋ ᠪᠠᠨ ᠭᠠᠯ ᠢ᠋ᠶ᠋ᠠᠷ
ᠰᠦᠵᠢᠭᠯᠡᠩᠬᠡᠨ ᠬᠤᠷᠤᠢᠯᠠᠶ᠎ᠠ
ᠠᠶᠠᠯᠤᠨ ᠳᠠᠭᠤᠯᠠᠬᠤ ᠢᠷᠠᠭᠤᠬᠠᠨ ᠳᠠᠭᠤᠤ ᠶ᠋ᠢᠨ ᠢ᠋ᠶ᠋ᠡᠨ ᠡᠬᠡᠰᠢᠭ ᠢ᠋ᠶ᠋ᠡᠷ
ᠳᠠᠭᠤᠯᠠᠩᠬᠠᠨ ᠬᠤᠷᠤᠢᠯᠠᠶ᠎ᠠ
— ᠬᠤᠷᠤᠢ ᠬᠤᠷᠤᠢ —
ᠬᠥᠬᠡ ᠲᠡᠭᠷᠢ ᠵᠠᠶᠠᠭᠠᠨ ᠤ᠋ ᠠᠰᠢᠳᠠ ᠶ᠋ᠢᠨ ᠢᠷᠦᠭᠡᠯ ᠣᠷᠣᠰᠢᠲᠤᠭᠠᠢ
ᠬᠦᠰᠡᠯ ᠦ᠋ᠨ ᠰᠠᠢᠬᠠᠨ ᠮᠢᠨᠦ ᠠᠷᠠᠳ ᠲᠦᠮᠡᠨ ᠠᠮᠤᠷ ᠮᠡᠨᠳᠦ ᠵᠢᠷᠭᠠᠲᠤᠭᠠᠢ
ᠠᠮᠤᠷ ᠮᠡᠨᠳᠦ ᠵᠢᠷᠭᠠᠲᠤᠭᠠᠢ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
ᠦᠰᠦᠭ ᠬᠢᠨᠠᠭᠴᠢ᠄ ᠬᠦᠳᠡᠷᠪᠣᠯᠣᠳ᠂ ᠭᠠᠷᠮ᠎ᠠ
