ᠨᠠᠯᠠᠭᠠᠷ ᠨᠠᠮᠤᠷ ᠤ᠋ᠨ ᠤᠶᠠᠩᠭ᠎ᠠ-ᠣᠶᠤᠨᠴᠡᠴᠡᠭНалгар намрын уянга-Оюунцэцэг
ᠨᠠᠯᠠᠭᠠᠷ ᠨᠠᠮᠤᠷ ᠤ᠋ᠨ ᠤᠶᠠᠩᠭ᠎ᠠ
ᠳᠠᠭᠤᠴᠢᠨ᠄ ᠣᠶᠤᠨᠴᠡᠴᠡᠭ
ᠰᠠᠯᠬᠢᠨ ᠤ᠋ ᠰᠡᠪᠰᠢᠶ᠎ᠡ ᠬᠣᠩᠭᠣᠷᠳᠠᠭᠠᠳ
ᠰᠡᠳᠬᠢᠯ ᠦ᠋ᠨ ᠥᠩᠭᠡ ᠬᠤᠭᠤᠷᠳᠠᠭᠠᠳ
ᠰᠠᠷᠠᠨ ᠤ᠋ ᠲᠤᠶᠠᠭ᠎ᠠ ᠬᠡᠷᠡᠯᠳᠦᠭᠡᠳ
ᠰᠠᠨᠠᠭᠠᠨ ᠤ᠋ ᠡᠭᠡᠰᠢᠭ ᠭᠡᠭᠡᠯᠵᠡᠭᠡᠳ
ᠨᠠᠯᠠᠭᠠᠷ ᠨᠠᠮᠤᠷ ᠤ᠋ᠨ ᠠᠶᠠᠯᠭᠤ
ᠨᠠᠢᠭᠤᠨ ᠨᠠᠢᠭᠤᠨ ᠳᠠᠭᠤᠯᠠᠨᠠᠮ ᠵᠡ
ᠨᠠᠯᠠᠭᠠᠷ ᠨᠠᠮᠤᠷ ᠤ᠋ᠨ ᠤᠶᠠᠩᠭ᠎ᠠ
ᠨᠠᠢᠭᠤᠨ ᠨᠠᠢᠭᠤᠨ ᠵᠢᠷᠭᠠᠨᠠᠮ ᠵᠡ
ᠬᠤᠨ ᠰᠢᠪᠠᠭᠤᠳ ᠬᠣᠷᠭᠣᠳᠠᠭᠠᠳ
ᠬᠣᠯᠠ ᠶ᠋ᠢᠨ ᠪᠠᠷ᠎ᠠ ᠬᠦᠷᠡᠩᠲᠦᠭᠡᠳ
ᠬᠠᠢᠷᠠᠲᠠᠢ ᠡᠵᠢ ᠮᠢᠨᠢ ᠰᠦᠮᠡᠢᠭᠡᠳ
ᠬᠦᠦ ᠶ᠋ᠢᠨ ᠪᠣᠳᠣᠯ ᠬᠥᠪᠦᠯᠵᠡᠭᠡᠳ
ᠨᠠᠯᠠᠭᠠᠷ ᠨᠠᠮᠤᠷ ᠤ᠋ᠨ ᠠᠶᠠᠯᠭᠤ
ᠨᠠᠢᠭᠤᠨ ᠨᠠᠢᠭᠤᠨ ᠳᠠᠭᠤᠯᠠᠨᠠᠮ ᠵᠡ
ᠨᠠᠯᠠᠭᠠᠷ ᠨᠠᠮᠤᠷ ᠤ᠋ᠨ ᠤᠶᠠᠩᠭ᠎ᠠ
ᠨᠠᠢᠭᠤᠨ ᠨᠠᠢᠭᠤᠨ ᠵᠢᠷᠭᠠᠨᠠᠮ ᠵᠡ
ᠨᠠᠭᠤᠷ ᠤ᠋ᠨ ᠳᠣᠯᠭᠢᠶ᠎ᠠ ᠬᠠᠶᠠᠯᠠᠭᠠᠳ
ᠨᠠᠪᠴᠢ ᠴᠡᠴᠡᠭ ᠰᠢᠷᠭᠠᠯᠲᠤᠭᠠᠳ
ᠬᠠᠩᠭᠠᠢ ᠨᠤᠲᠤᠭ ᠨᠠᠯᠠᠢᠭᠠᠳ
ᠬᠣᠷᠸ᠎ᠠ ᠳᠡᠯᠡᠬᠡᠢ ᠠᠷᠭᠠᠳᠠᠭᠠᠳ
ᠨᠠᠯᠠᠭᠠᠷ ᠨᠠᠮᠤᠷ ᠤ᠋ᠨ ᠠᠶᠠᠯᠭᠤ
ᠨᠠᠢᠭᠤᠨ ᠨᠠᠢᠭᠤᠨ ᠳᠠᠭᠤᠯᠠᠨᠠᠮ ᠵᠡ
ᠨᠠᠯᠠᠭᠠᠷ ᠨᠠᠮᠤᠷ ᠤ᠋ᠨ ᠤᠶᠠᠩᠭ᠎ᠠ
ᠨᠠᠢᠭᠤᠨ ᠨᠠᠢᠭᠤᠨ ᠵᠢᠷᠭᠠᠨᠠᠮ ᠵᠡ
ᠨᠠᠯᠠᠭᠠᠷ ᠨᠠᠮᠤᠷ ᠤ᠋ᠨ ᠠᠶᠠᠯᠭᠤ
ᠨᠠᠢᠭᠤᠨ ᠨᠠᠢᠭᠤᠨ ᠳᠠᠭᠤᠯᠠᠨᠠᠮ ᠵᠡ
ᠨᠠᠯᠠᠭᠠᠷ ᠨᠠᠮᠤᠷ ᠤ᠋ᠨ ᠤᠶᠠᠩᠭ᠎ᠠ
ᠨᠠᠢᠭᠤᠨ ᠨᠠᠢᠭᠤᠨ ᠵᠢᠷᠭᠠᠨᠠᠮ ᠵᠡ
ᠨᠠᠢᠭᠤᠨ ᠨᠠᠢᠭᠤᠨ ᠵᠢᠷᠭᠠᠨᠠᠮ ᠵᠡ
ᠦᠰᠦᠭ ᠠᠮᠢᠯᠠᠭᠤᠯᠤᠨ ᠬᠠᠳᠠᠭᠰᠠᠨ ᠨᠢ᠄ ᠪᠣᠤ· ᠭᠤᠸ᠎ᠠ
ᠦᠰᠦᠭ ᠬᠢᠨᠠᠭᠰᠠᠨ ᠨᠢ᠄ ᠤᠶᠠᠬᠠᠨ᠂ ᠪᠦᠷᠢᠨᠴᠡᠴᠡᠭ
ᠰᠢᠩᠭᠡᠭᠡᠯᠲᠡ ᠨᠠᠢᠷᠠᠭᠤᠯᠤᠭᠰᠠᠨ ᠨᠢ᠄ ᠪᠣᠤ· ᠭᠤᠸ᠎ᠠ
ᠰᠢᠩᠭᠡᠭᠡᠯᠲᠡ ᠵᠢᠯᠣᠭᠣᠳᠤᠭᠰᠠᠨ ᠨᠢ᠄ ᠠᠶᠤᠰᠢ
