ᠪᠠᠷᠳᠠᠮ ᠬᠠᠷ᠎ᠠ ᠶ᠋ᠢᠨ ᠪᠠᠷ᠎ᠠ -ᠨᠠᠰᠤᠨᠴᠢᠮᠡᠭ Бардам харын бараа-Насончимэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠷᠳᠠᠮ ᠬᠠᠷ᠎ᠠ ᠶ᠋ᠢᠨ ᠪᠠᠷ᠎ᠠ -ᠨᠠᠰᠤᠨᠴᠢᠮᠡᠭ Бардам харын бараа-Насончимэг

ᠪᠠᠷᠳᠠᠮ ᠬᠠᠷ᠎ᠠ ᠶ᠋ᠢᠨ ᠪᠠᠷ᠎ᠠ -ᠨᠠᠰᠤᠨᠴᠢᠮᠡᠭ Бардам харын бараа-Насончимэг

ᠠᠩᠭᠢᠯᠠᠯ:ᠳᠠᠭᠤᠤ ᠬᠥᠭᠵᠢᠮ
2024-11-13

853

ᠪᠠᠷᠳᠠᠮ ᠬᠠᠷ᠎ᠠ ᠶ᠋ᠢᠨ ᠪᠠᠷ᠎ᠠ

   ᠦᠭᠡ᠄ ᠠᠯᠲᠠᠨᠪᠤᠯᠠᠭ 
   ᠠᠶ᠎ᠠ ᠄ ᠨᠠᠰᠤᠨᠴᠢᠮᠡᠭ 
   ᠳᠠᠭᠤᠯᠠᠭᠰᠠᠨ ᠨᠢ᠄ ᠮᠠᠨ ᠷᠦᠩ 
ᠬᠣᠯᠠ ᠶ᠋ᠢᠨ ᠬᠣᠯᠠ᠎ᠠ᠋ᠴᠠ ᠴᠡᠩᠬᠡᠷᠯᠡᠭᠡᠳ ᠪᠠᠢᠨ᠎ᠠ ᠬᠦᠢ 
ᠬᠤᠷᠮᠤᠰᠲᠠ ᠶ᠋ᠢᠨ ᠨᠠᠭᠠᠲᠠᠢ ᠵᠦᠮᠪᠦᠷᠯᠡᠭᠡᠳ ᠪᠠᠢᠨ᠎ᠠ ᠬᠦᠢ 
ᠶᠡᠬᠡᠮᠰᠦᠭ ᠪᠠᠷ᠎ᠠ ᠨᠢ ᠲᠣᠳᠣᠷᠠᠭᠠᠳ ᠪᠠᠢᠨ᠎ᠠ ᠬᠦᠢ 
ᠡᠷᠬᠢᠮᠰᠦᠭ ᠨᠡᠷ᠎ᠡ ᠨᠢ ᠳᠠᠭᠤᠷᠢᠰᠤᠭᠠᠳ ᠪᠠᠢᠨ᠎ᠠ ᠬᠦᠢ  
ᠠᠢ ᠬᠦᠢ ᠵᠧ ᠬᠦᠢ ᠨᠤᠲᠤᠭ ᠤ᠋ᠨ ᠬᠠᠢᠷᠬᠠᠨ ᠮᠢᠨᠢ 
ᠲᠡᠦᠬᠡ ᠶ᠋ᠢᠨ ᠳᠣᠮᠣᠭᠲᠤ ᠪᠠᠷᠳᠠᠮ ᠬᠠᠷ᠎ᠠ ᠬᠦᠢ
ᠲᠦᠮᠡᠨ ᠦ᠌ ᠲᠠᠬᠢᠯᠭᠠᠲᠤ ᠪᠠᠶᠠᠨ ᠬᠠᠨ ᠠ᠋ ᠬᠦᠢ
ᠵᠦᠢᠯ ᠦ᠋ᠨ ᠴᠡᠴᠡᠭ ᠳᠡᠯᠭᠡᠷᠡᠭᠡᠳ ᠪᠠᠢᠨ᠎ᠠ ᠬᠦᠢ
ᠵᠣᠷ ᠭᠣᠷ ᠨᠢ ᠣᠷᠥᠭᠨᠠᠭᠠᠳ ᠪᠠᠢᠨ᠎ᠠ ᠬᠦᠢ
ᠪᠤᠯᠠᠭ ᠱᠠᠩᠳᠠ ᠨᠢ ᠣᠷᠭᠢᠯᠤᠭᠠᠳ ᠪᠠᠢᠨ᠎ᠠ ᠬᠦᠢ
ᠪᠤᠶᠠᠨ ᠬᠡᠰᠢᠭ ᠢ᠋ ᠬᠤᠷᠤᠢᠯᠠᠭᠠᠳ ᠪᠠᠢᠨ᠎ᠠ ᠬᠦᠢ
ᠠᠢ ᠬᠦᠢ ᠵᠧ ᠬᠦᠢ ᠨᠤᠲᠤᠭ ᠤ᠋ᠨ ᠬᠠᠢᠷᠬᠠᠨ ᠮᠢᠨᠢ 
ᠵᠠᠭᠤᠨ ᠵᠠᠭᠤᠨ ᠳ᠋ᠤ᠌ ᠳᠠᠭᠤᠯᠠᠭᠳᠠᠬᠤ ᠠᠭᠤᠯᠠ ᠬᠦᠢ
ᠵᠢᠷᠤᠭ ᠰᠢᠯᠦᠭ ᠦ᠋ᠨ ᠦᠵᠡᠰᠬᠦᠯᠡᠩ ᠠᠭᠤᠯᠠ ᠬᠦᠢ
ᠰᠡᠷᠮᠡᠭᠦᠨ ᠪᠠᠢᠭᠠᠯᠢ ᠶ᠋ᠢᠨ ᠴᠡᠴᠡᠷᠯᠢᠭ ᠪᠠᠢᠨ᠎ᠠ ᠬᠦᠢ
ᠰᠡᠳᠬᠢᠯ ᠦ᠋ᠨ ᠥᠨᠳᠥᠷ ᠰᠢᠲᠦᠭᠡᠨ ᠪᠠᠢᠨ᠎ᠠ ᠪᠣᠢ
ᠵᠡᠭᠦᠳᠦᠨ ᠳᠤᠮᠳᠠ ᠮᠢᠨᠢ ᠮᠥᠩᠬᠡᠷᠡᠭᠡᠳ ᠪᠠᠢᠨ᠎ᠠ ᠬᠦᠢ
ᠵᠢᠷᠦᠬᠡᠨ ᠳ᠋ᠦ᠍ ᠠᠮᠢᠯᠠᠨ ᠮᠦᠰᠢᠶᠡᠭᠡᠳ ᠪᠠᠢᠨ᠎ᠠ ᠬᠦᠢ
ᠠᠢ ᠬᠦᠢ ᠵᠧ ᠬᠦᠢ ᠨᠤᠲᠤᠭ ᠤ᠋ᠨ ᠬᠠᠢᠷᠬᠠᠨ ᠮᠢᠨᠢ
ᠢᠯᠭᠤᠭᠰᠠᠨ ᠳᠦᠷᠢᠲᠦ ᠰᠦᠯᠳᠡ ᠠᠭᠤᠯᠠ ᠠ᠋ ᠬᠦᠢ
ᠠᠮᠢᠨ ᠥᠷᠥᠰᠢᠶᠡᠯᠲᠦ ᠪᠣᠭᠳᠠ ᠠᠭᠤᠯᠠ ᠠ᠋ ᠬᠦᠢ
ᠪᠠᠳᠠᠷᠠᠯ ᠤ᠋ᠨ ᠰᠤᠪᠢᠩ ᠲᠠᠲᠠᠭᠠᠳ ᠪᠠᠢᠨ᠎ᠠ ᠬᠦᠢ
ᠪᠠᠭᠠᠲᠤᠷ ᠮᠡᠷᠭᠡᠳ ᠢ᠋ᠶ᠋ᠡᠨ ᠬᠡᠢᠮᠣᠷᠢᠯᠠᠭᠠᠳ ᠪᠠᠢᠨ᠎ᠠ ᠬᠦᠢ
ᠨᠠᠪᠳᠠᠭ ᠰᠠᠪᠳᠠᠭ ᠨᠢ ᠢᠪᠡᠭᠡᠭᠡᠳ ᠪᠠᠢᠨ᠎ᠠ ᠬᠦᠢ
ᠨᠣᠮ ᠤ᠋ᠨ ᠪᠤᠶᠠᠨ ᠳᠡᠯᠭᠡᠷᠡᠭᠡᠳ ᠪᠠᠢᠨ᠎ᠠ ᠬᠦᠢ
ᠠᠢ ᠬᠦᠢ ᠵᠧ ᠬᠦᠢ ᠨᠤᠲᠤᠭ ᠤ᠋ᠨ ᠬᠠᠢᠷᠬᠠᠨ ᠮᠢᠨᠢ
ᠰᠣᠶᠣᠯ ᠤ᠋ᠨ ᠬᠤᠷ᠎ᠠ ᠱᠠᠭᠢᠭᠠᠳ ᠪᠠᠢᠨ᠎ᠠ ᠬᠦᠢ
ᠰᠠᠢᠬᠠᠨ ᠦᠢᠯᠡᠰ ᠥᠷᠨᠢᠭᠡᠳ ᠪᠠᠢᠨ᠎ᠠ ᠬᠦᠢ

   ᠦᠰᠦᠭ ᠠᠮᠢᠯᠠᠭᠤᠯᠤᠭᠴᠢ᠄ ᠨᠠᠰᠤᠨᠴᠢᠮᠡᠭ
   ᠬᠢᠨᠠᠭᠴᠢ᠄ ᠣᠳᠬᠠᠨᠰᠤ᠎ᠠ