ᠢᠨᠢᠶᠡᠳᠦ ᠴᠠᠯᠭᠢᠭᠰᠠᠨ ᠨᠠᠮᠤᠷ- ᠠ᠊᠂ ᠪᠠᠶᠠᠷᠰᠠᠢᠬᠠᠨ Инээд цалгисан намар-А,Баярсайхан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠨᠢᠶᠡᠳᠦ ᠴᠠᠯᠭᠢᠭᠰᠠᠨ ᠨᠠᠮᠤᠷ- ᠠ᠊᠂ ᠪᠠᠶᠠᠷᠰᠠᠢᠬᠠᠨ Инээд цалгисан намар-А,Баярсайхан

ᠢᠨᠢᠶᠡᠳᠦ ᠴᠠᠯᠭᠢᠭᠰᠠᠨ ᠨᠠᠮᠤᠷ- ᠠ᠊᠂ ᠪᠠᠶᠠᠷᠰᠠᠢᠬᠠᠨ Инээд цалгисан намар-А,Баярсайхан

ᠠᠩᠭᠢᠯᠠᠯ:ᠳᠠᠭᠤᠤ ᠬᠥᠭᠵᠢᠮ
2024-11-12

1444

ᠢᠨᠢᠶᠡᠳᠦ ᠴᠠᠯᠭᠢᠭᠰᠠᠨ ᠨᠠᠮᠤᠷ

   ᠰᠢᠯᠦᠭ᠄ ᠯ᠂ ᠨᠠᠢᠳᠠᠨ 
   ᠠᠶᠠᠯᠭᠤ᠄ ᠨ᠂ ᠴᠢᠯᠠᠭᠤᠨᠬᠦᠦ 
   — ᠠ᠊᠂ ᠪᠠᠶᠠᠷᠰᠠᠢᠬᠠᠨ ᠳᠠᠭᠤᠯᠠᠨ᠎ᠠ 

ᠠᠳᠤᠭᠤᠨ ᠰᠦᠷᠦᠭ ᠨᠢ ᠪᠠᠭᠰᠢᠷᠠᠭᠰᠠᠨ 
ᠠᠢᠷᠠᠭ ᠦᠨᠦᠷᠲᠦᠭᠰᠡᠨ ᠨᠠᠮᠤᠷ ᠠ᠋ 
ᠠᠮᠢᠳᠤ ᠪᠦᠬᠦᠨ ᠪᠠᠶᠠᠰᠤᠭᠰᠠᠨ 
ᠳᠡᠨᠵᠢ ᠳᠦᠭᠦᠷᠡᠩ ᠨᠠᠮᠤᠷ ᠠ᠋ 
ᠲᠩᠷᠢᠯᠢᠭ ᠮᠣᠩᠭᠣᠯ ᠲᠦᠮᠡᠨ ᠦ᠌ 
ᠲᠡᠨᠢᠭᠦᠨ ᠵᠢᠷᠭᠠᠯ ᠲᠠᠢ ᠳᠡᠯᠭᠡᠷ ᠨᠠᠮᠤᠷ ᠠ᠋ 
ᠲᠡᠨᠢᠭᠦᠨ ᠵᠢᠷᠭᠠᠯ ᠲᠠᠢ ᠨᠠᠢᠷ ᠲᠠᠢ ᠨᠠᠮᠤᠷ ᠠ᠋ 

ᠠᠷᠤ ᠬᠥᠪᠴᠢ ᠶ᠋ᠢᠨ ᠤᠶᠠᠩᠭ᠎ᠠ ᠴᠤᠤᠷᠢᠶᠠᠲᠤᠭᠰᠠᠨ
ᠠᠶᠠᠯᠭᠤ ᠬᠥᠭᠯᠡᠭᠰᠡᠨ ᠨᠠᠮᠤᠷ ᠠ᠋
ᠠᠮᠠᠷᠠᠭ ᠬᠣᠣᠰ ᠤ᠋ᠳ ᠬᠤᠷᠢᠮᠯᠠᠭᠰᠠᠨ
ᠠᠰᠢᠳᠠ ᠶ᠋ᠢᠨ ᠢᠷᠦᠭᠡᠯ ᠲᠡᠢ ᠨᠠᠮᠤᠷ ᠠ᠋
ᠲᠩᠷᠢᠯᠢᠭ ᠮᠣᠩᠭᠣᠯ ᠲᠦᠮᠡᠨ ᠦ᠌
ᠲᠡᠨᠢᠭᠦᠨ ᠵᠢᠷᠭᠠᠯ ᠲᠠᠢ ᠳᠡᠯᠭᠡᠷ ᠨᠠᠮᠤᠷ ᠠ᠋
ᠲᠡᠨᠢᠭᠦᠨ ᠵᠢᠷᠭᠠᠯ ᠲᠠᠢ ᠨᠠᠢᠷ ᠲᠠᠢ ᠨᠠᠮᠤᠷ ᠠ᠋

ᠬᠠᠢᠯᠭᠠᠨ ᠰᠡᠳᠬᠢᠯ ᠤᠶᠠᠷᠠᠭᠰᠠᠨ
ᠬᠠᠢᠷ᠎ᠠ ᠶ᠋ᠢᠨ ᠳᠠᠭᠤᠤ ᠲᠠᠢ ᠨᠠᠮᠤᠷ ᠠ᠋
ᠡᠩᠬᠦᠷᠡᠢ ᠦᠷᠡᠰ ᠨᠢ ᠬᠥᠭᠵᠢᠯᠳᠦᠵᠦ
ᠢᠨᠢᠶᠡᠳᠦ ᠴᠠᠯᠭᠢᠭᠰᠠᠨ ᠨᠠᠮᠤᠷ ᠠ᠋
ᠲᠩᠷᠢᠯᠢᠭ ᠮᠣᠩᠭᠣᠯ ᠲᠦᠮᠡᠨ ᠦ᠌
ᠲᠡᠨᠢᠭᠦᠨ ᠵᠢᠷᠭᠠᠯ ᠲᠠᠢ ᠳᠡᠯᠭᠡᠷ ᠨᠠᠮᠤᠷ ᠠ᠋
ᠲᠡᠨᠢᠭᠦᠨ ᠵᠢᠷᠭᠠᠯ ᠲᠠᠢ ᠨᠠᠢᠷ ᠲᠠᠢ ᠨᠠᠮᠤᠷ ᠠ᠋
ᠲᠩᠷᠢᠯᠢᠭ ᠮᠣᠩᠭᠣᠯ ᠲᠦᠮᠡᠨ ᠦ᠌
ᠲᠡᠨᠢᠭᠦᠨ ᠵᠢᠷᠭᠠᠯ ᠲᠠᠢ ᠳᠡᠯᠭᠡᠷ ᠨᠠᠮᠤᠷ ᠠ᠋
ᠲᠡᠨᠢᠭᠦᠨ ᠵᠢᠷᠭᠠᠯ ᠲᠠᠢ ᠨᠠᠢᠷ ᠲᠠᠢ ᠨᠠᠮᠤᠷ ᠠ᠋
ᠨᠠᠢᠷ ᠲᠠᠢ ᠨᠠᠮᠤᠷ ᠠ᠋

  ᠦᠰᠦᠭ ᠠᠮᠢᠯᠠᠭᠤᠯᠤᠭᠴᠢ᠄ ᠰᠣᠳᠣ
  ᠦᠰᠦᠭ ᠬᠠᠲᠠᠭᠴᠢ᠄ ᠰᠣᠳᠣ
  ᠬᠢᠨᠠᠭᠴᠢ᠄ ᠣᠳᠬᠠᠨᠰᠣ᠎ᠠ