ᠪᠤᠷᠬᠠᠨ ᠡᠬᠡ ᠣᠷᠣᠨ- ᠤ᠋᠂ ᠰᠠᠷᠠᠨᠲᠤᠶᠠᠭ᠎ᠠ ᠣ᠂ ᠬᠤᠯᠠᠨСарантуяа Хулан - Бурхан эх орон ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠬᠠᠨ ᠡᠬᠡ ᠣᠷᠣᠨ- ᠤ᠋᠂ ᠰᠠᠷᠠᠨᠲᠤᠶᠠᠭ᠎ᠠ ᠣ᠂ ᠬᠤᠯᠠᠨСарантуяа Хулан - Бурхан эх орон

ᠪᠤᠷᠬᠠᠨ ᠡᠬᠡ ᠣᠷᠣᠨ- ᠤ᠋᠂ ᠰᠠᠷᠠᠨᠲᠤᠶᠠᠭ᠎ᠠ ᠣ᠂ ᠬᠤᠯᠠᠨСарантуяа Хулан - Бурхан эх орон

ᠠᠩᠭᠢᠯᠠᠯ:ᠳᠠᠭᠤᠤ ᠬᠥᠭᠵᠢᠮ
2024-11-04

3098

ᠪᠤᠷᠬᠠᠨ ᠡᠬᠡ ᠣᠷᠣᠨ

   ᠦᠭᠡ᠄ ᠳ᠂ ᠫᠦᠷᠪᠦᠳᠣᠷᠵᠢ 
   ᠠᠶ᠎ᠠ᠄ ᠯ᠂ ᠪᠠᠯᡁᠠᠵᠠᠪ 
   ᠳᠠᠭᠤᠴᠢᠨ᠄ ᠤ᠋᠂ ᠰᠠᠷᠠᠨᠲᠤᠶᠠᠭ᠎ᠠ ᠣ᠂ ᠬᠤᠯᠠᠨ 
ᠠᠯᠲᠠᠨ ᠤᠷᠤᠭ ᠤ᠋ᠨ ᠨᠠᠷᠠᠨ ᠬᠣᠢᠮᠣᠷ ᠲᠠᠢ 
ᠠᠯᠳᠠᠷᠲᠤ ᠳᠡᠭᠡᠳᠦᠰ ᠦ᠋ᠨ ᠰᠠᠷᠠᠨ ᠥᠷᠭᠥᠭᠡ ᠲᠡᠢ 
ᠠᠰᠢᠳᠠ ᠣᠷᠣᠰᠢᠬᠤ ᠶ᠋ᠢᠨ ᠣᠳᠣᠨ ᠤᠴᠠᠷᠠᠯ ᠲᠠᠢ 
ᠠᠮᠢᠨ ᠤ᠋ ᠠᠮᠢᠲᠠᠢ ᠠᠵᠠ ᠪᠠᠷ ᠵᠠᠶᠠᠭᠠᠭᠰᠠᠨ ᠨᠤᠲᠤᠭ ᠮᠢᠨᠦ ᠵᠠ 
ᠡᠷᠬᠡᠰ ᠦ᠋ᠨ ᠣᠷᠴᠢᠯ ᠳ᠋ᠤ᠌ ᠶᠢᠰᠦᠨ ᠴᠡᠩᠭᠡᠯ ᠲᠡᠢ 
ᠡᠷᠳᠡᠨᠢ ᠶ᠋ᠢᠨ ᠶᠢᠰᠦᠨ ᠴᠠᠭᠠᠨ ᠰᠦᠯᠳᠡ ᠲᠡᠢ 
ᠡᠪ ᠦ᠋ᠨ ᠵᠠᠶᠠᠭ᠎ᠠ ᠡᠷᠬᠡ ᠶ᠋ᠢᠨ ᠵᠠᠷᠯᠢᠭ ᠲᠠᠢ 
ᠡᠴᠢᠭᠡ ᠶ᠋ᠢᠨ ᠲᠤᠯᠤᠭᠰᠠᠨ ᠡᠵᠢ ᠶ᠋ᠢᠨ ᠳᠠᠬᠢᠬᠰᠠᠨ ᠭᠣᠯᠣᠮᠲᠠ ᠮᠢᠨᠦ ᠵᠠ
ᠡᠷᠲᠡᠨ ᠦ᠌ ᠲᠡᠦᠬᠡ ᠶ᠋ᠢᠨ ᠪᠤᠭᠤᠷᠤᠯ ᠡᠬᠡ ᠭᠦᠷᠦᠨ
ᠡᠵᠡᠨ ᠴᠢᠩᠭᠢᠰ ᠦ᠋ᠨ ᠪᠤᠷᠬᠠᠨ ᠡᠬᠡ ᠣᠷᠣᠨ
ᠡᠴᠢᠭᠡ ᠲᠩᠷᠢ ᠡᠴᠡ ᠪᠢᠳᠡᠨ ᠳ᠋ᠦ᠍ ᠵᠠᠶᠠᠭᠠᠭᠰᠠᠨ ᠮᠢᠨᠦ ᠮᠣᠩᠭᠣᠯ
ᠡᠯᠢᠭᠡ ᠵᠢᠷᠦᠬᠡᠨ ᠳ᠋ᠦ᠍ ᠮᠢᠨᠢ ᠮᠥᠩᠬᠡᠳᠡ ᠣᠷᠣᠰᠢᠬᠤ ᠨᠤᠲᠤᠭ ᠮᠢᠨᠦ ᠵᠠ
ᠡᠷᠲᠡᠨ ᠦ᠌ ᠲᠡᠦᠬᠡ ᠶ᠋ᠢᠨ ᠪᠤᠭᠤᠷᠤᠯ ᠡᠬᠡ ᠭᠦᠷᠦᠨ
ᠡᠵᠡᠨ ᠴᠢᠩᠭᠢᠰ ᠦ᠋ᠨ ᠪᠤᠷᠬᠠᠨ ᠡᠬᠡ ᠣᠷᠣᠨ
ᠡᠴᠢᠭᠡ ᠲᠩᠷᠢ ᠡᠴᠡ ᠪᠢᠳᠡᠨ ᠳ᠋ᠦ᠍ ᠵᠠᠶᠠᠭᠠᠭᠰᠠᠨ ᠮᠢᠨᠦ ᠮᠣᠩᠭᠣᠯ
ᠡᠯᠢᠭᠡ ᠵᠢᠷᠦᠬᠡᠨ ᠳ᠋ᠦ᠍ ᠮᠢᠨᠢ ᠮᠥᠩᠬᠡᠳᠡ ᠣᠷᠣᠰᠢᠬᠤ ᠨᠤᠲᠤᠭ ᠮᠢᠨᠦ ᠵᠠ
ᠮᠢᠨᠦ ᠡᠬᠡ ᠣᠷᠣᠨ
  ᠦᠰᠦᠭ ᠠᠮᠢᠯᠠᠭᠤᠯᠤᠭᠴᠢ᠄ ᠠᠩᠴᠢᠨ
  ᠦᠰᠦᠭ ᠬᠠᠳᠠᠭᠴᠢ᠄ ᠠᠩᠴᠢᠨ
  ᠦᠰᠦᠭ ᠬᠢᠨᠠᠭᠴᠢ᠄ ᠤᠷᠠᠨ᠎ᠠ