1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠦᠨ ᠮᠧᠢ -ᠵᠡᠭᠦᠨ ᠣᠷᠣᠨ ᠤ᠋ ᠠᠷᠠᠳ ᠤ᠋ᠨ ᠳᠠᠭᠤᠤ-ᠠᠷᠢᠭᠤᠨЦүн мей-Зүүн орны ардын дуу-Аригун

ᠴᠦᠨ ᠮᠧᠢ -ᠵᠡᠭᠦᠨ ᠣᠷᠣᠨ ᠤ᠋ ᠠᠷᠠᠳ ᠤ᠋ᠨ ᠳᠠᠭᠤᠤ-ᠠᠷᠢᠭᠤᠨЦүн мей-Зүүн орны ардын дуу-Аригун

2024-11-02

1399

ᠴᠦᠨ ᠮᠧᠢ

    (ᠵᠡᠭᠦᠨ ᠣᠷᠣᠨ ᠤ᠋ ᠠᠷᠠᠳ ᠤ᠋ᠨ ᠳᠠᠭᠤᠤ) 
        ᠳᠠᠭᠤᠴᠢᠨ᠄ ᠠᠷᠢᠭᠤᠨ 

ᠮᠠᠨᠳᠤᠭᠠᠳ ᠭᠠᠷᠬᠤ ᠨᠠᠷᠠᠨ ᠤ᠋ ᠭᠡᠷᠡᠯ 
ᠮᠠᠩᠬᠠᠨ ᠳᠡᠭᠡᠷ᠎ᠡ ᠪᠡᠨ ᠳᠤᠯᠠᠢᠨ᠎ᠠ  ᠬᠦ 
ᠮᠠᠨ ᠤ᠋ ᠠᠢᠯ ᠤ᠋ᠨ ᠴᠦᠨ ᠮᠧᠢ ᠠᠩᠭ᠎ᠠ 
ᠮᠥᠷᠭᠥᠭᠦᠯᠦᠭᠰᠡᠨ ᠭᠠᠵᠠᠷ ᠢ᠋ᠶ᠋ᠠᠨ ᠳᠤᠯᠠᠢᠨ᠎ᠠ ᠬᠦ 

ᠣᠷᠭᠣᠭᠠᠳ ᠭᠠᠷᠬᠤ ᠨᠠᠷᠠᠨ ᠤ᠋ ᠭᠡᠷᠡᠯ 
ᠠᠭᠤᠯᠠᠨ ᠳᠡᠭᠡᠷ᠎ᠡ ᠪᠡᠨ ᠳ᠋ᠧᠩᠯᠦ ᠶᠠ ᠬᠦ 
ᠤᠷᠠᠯᠢᠭ ᠲᠥᠷᠥᠭᠰᠡᠨ ᠴᠦᠨ ᠮᠧᠢ ᠠᠩᠭ᠎ᠠ
ᠤᠷᠤᠭᠯᠠᠭᠰᠠᠨ ᠭᠠᠵᠠᠷ ᠢ᠋ᠶ᠋ᠠᠨ ᠳ᠋ᠧᠩᠯᠦ ᠶᠠ ᠬᠦ

ᠪᠤᠲᠠᠷᠠᠭᠠᠳ ᠤᠨᠠᠬᠤ ᠭᠡᠵᠢᠭᠡ ᠶ᠋ᠢ ᠴᠢᠨᠢ ᠠ ᠴᠦᠨ ᠮᠧᠢ
ᠪᠣᠭᠣᠳᠠᠯ ᠰᠠᠮ ᠢ᠋ᠶ᠋ᠠᠷ ᠢ᠋ᠶ᠋ᠠᠨ ᠲᠣᠭᠲᠠᠭᠠᠶ᠎ᠠ ᠬᠦ
ᠪᠥᠮᠪᠥᠷᠢᠭᠦᠯᠦᠭᠡᠳ ᠤᠨᠠᠬᠤ ᠨᠢᠯᠪᠤᠰᠤ ᠶ᠋ᠢ ᠴᠢᠨᠢ ᠠ ᠴᠦᠨ ᠮᠧᠢ
ᠮᠥᠮᠥ ᠨᠢ ᠶᠠᠭᠠᠬᠢᠵᠤ ᠬᠣᠷᠢᠭᠠᠶ᠎ᠠ ᠳᠠ ᠬᠦ

ᠰᠠᠳᠠᠷᠠᠭᠠᠳ ᠤᠨᠠᠬᠤ ᠭᠡᠵᠢᠭᠡ ᠶ᠋ᠢ ᠴᠢᠨᠢ ᠠ ᠴᠦᠨ ᠮᠧᠢ
ᠰᠠᠮ ᠪᠣᠯᠤᠨ  ᠱᠤᠤᠷ ᠢ᠋ᠶ᠋ᠡᠷ ᠲᠣᠭᠲᠠᠭᠠᠶ᠎ᠠ ᠬᠦ
ᠮᠡᠯᠮᠡᠷᠡᠭᠦᠯᠦᠭᠡᠳ ᠤᠨᠠᠬᠤ ᠨᠢᠯᠪᠤᠰᠤ ᠶ᠋ᠢ ᠴᠢᠨᠢ ᠠ ᠴᠦᠨ ᠮᠧᠢ
ᠮᠥᠮᠥ ᠨᠢ ᠶᠠᠭᠤ ᠪᠠᠷ ᠬᠣᠷᠢᠭᠠᠶ᠎ᠠ ᠳᠠ ᠬᠦ
ᠮᠥᠮᠥ ᠨᠢ ᠶᠠᠭᠤ ᠪᠠᠷ ᠭᠣᠷᠢᠭᠠᠶ᠎ᠠ ᠳᠠ ᠬᠦ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠬᠢᠨᠠᠭᠴᠢ᠄ ᠣᠳᠬᠠᠨᠰᠣ᠎ᠠ