ᠮᠣᠩᠭᠣᠯ ᠪᠦᠰᠡᠭᠦᠢ- ᠵ᠊· ᠪᠣᠬᠢᠰᠢᠷᠭ᠎ᠠ᠂ ᠭ᠊· ᠳᠠᠸᠠᠳᠠᠯᠠМонгол бүсгүй·Бохисирга,Г·ДаваадалайMongol Busgui
ᠮᠣᠩᠭᠣᠯ ᠪᠦᠰᠡᠭᠦᠢ
ᠦᠭᠡ᠂ ᠠᠶ᠎ᠠ᠄ ᠦ᠊· ᠪᠤᠬᠢᠰᠢᠷᠭᠠ
— ᠪᠤᠭᠢᠰᠢᠷᠭᠠ᠂ ᠳᠠᠸᠠᠳᠠᠯᠠᠢ ᠳᠠᠭᠤᠯᠠᠨ᠎ᠠ
ᠰᠠᠷᠠᠨ ᠣᠭᠲᠠᠷᠭᠤᠢ ᠳ᠋ᠤ᠌ ᠨᠠᠭᠠᠳᠴᠤ ᠡᠷᠬᠡᠯᠡᠮᠡᠷ
ᠰᠠᠢᠬᠠᠨ ᠮᠣᠩᠭᠣᠯ ᠪᠦᠰᠡᠭᠦᠢ ᠪᠠᠢᠨ᠎ᠠ
ᠤᠬᠠᠭᠠᠨᠲᠤ ᠬᠠᠲᠤᠳ ᠤ᠋ᠨ ᠤᠪᠢᠳᠠᠰᠤ ᠰᠢᠩᠭᠡᠭᠰᠡᠨ
ᠤᠶᠠᠬᠠᠨ ᠮᠣᠩᠭᠣᠯ ᠪᠦᠰᠡᠭᠦᠢ ᠪᠠᠢᠨ᠎ᠠ
ᠳᠠᠭᠤᠯᠠᠭᠠᠳ ᠬᠠᠢᠷᠠᠯᠠᠭᠠᠳ ᠵᠢᠷᠭᠠᠵᠤ ᠰᠠᠭᠤᠮᠠᠷ
ᠳᠠᠭᠤᠤ ᠰᠢᠭ᠋ ᠰᠠᠢᠬᠠᠨ ᠪᠦᠰᠡᠭᠦᠢ ᠪᠠᠢᠨ᠎ᠠ
ᠬᠠᠲᠤᠨ ᠶᠠᠲᠤᠭ᠎ᠠ ᠶ᠋ᠢᠨ ᠡᠭᠡᠰᠢᠭ ᠲᠦ᠍ ᠤᠶᠠᠷᠠᠭᠠᠳ
ᠬᠣᠣᠰᠯᠠᠨ ᠪᠥᠵᠢᠮᠡᠷ ᠮᠣᠩᠭᠣᠯ ᠪᠦᠰᠡᠭᠦᠢ ᠪᠠᠢᠨ᠎ᠠ
ᠨᠠᠷᠠᠨ ᠲᠩᠷᠢ ᠳ᠋ᠡᠭᠡᠨ ᠨᠠᠮᠤᠭᠤᠬᠠᠨ ᠮᠢᠰᠢᠶᠡᠭᠰᠡᠨ
ᠨᠠᠮᠪᠠᠯᠢᠭ ᠮᠣᠩᠭᠣᠯ ᠪᠦᠰᠡᠭᠦᠢ ᠪᠠᠢᠨ᠎ᠠ
ᠡᠵᠢ ᠶ᠋ᠢᠨ ᠪᠦᠪᠡᠢ ᠶ᠋ᠢᠨ ᠳᠠᠭᠤᠨ ᠳ᠋ᠤᠨᠢ ᠤᠶᠠᠷᠠᠭᠰᠠᠨ
ᠡᠩᠬᠦᠷᠡᠢᠬᠡᠨ ᠮᠣᠩᠭᠣᠯ ᠪᠦᠰᠡᠭᠦᠢ ᠪᠠᠢᠨ᠎ᠠ
ᠳᠠᠭᠤᠯᠤᠭᠠᠳ ᠤᠶᠠᠷᠠᠭᠠᠳ ᠵᠢᠷᠭᠠᠵᠤ ᠰᠠᠭᠤᠮᠠᠷ
ᠳᠠᠭᠤᠤ ᠰᠢᠭ᠋ ᠭᠡᠭᠡᠨ ᠪᠦᠰᠡᠭᠦᠢ ᠪᠠᠢᠨ᠎ᠠ
ᠬᠠᠲᠤᠨ ᠶᠠᠲᠤᠭ᠎ᠠ ᠶ᠋ᠢᠨ ᠡᠭᠡᠰᠢᠭ ᠲᠦ᠍ ᠤᠶᠠᠷᠠᠭᠠᠳ
ᠬᠣᠣᠰᠯᠠᠨ ᠪᠥᠵᠢᠮᠡᠷ ᠮᠣᠩᠭᠣᠯ ᠪᠦᠰᠡᠭᠦᠢ ᠪᠠᠢᠨ᠎ᠠ
ᠣᠳᠣᠲᠤ ᠡᠩᠭᠡᠷ ᠲᠦ᠍ ᠨᠢ ᠰᠦ ᠪᠡᠷ ᠤᠮᠳᠠᠯᠠᠭᠰᠠᠨ
ᠣᠷᠴᠢᠯᠠᠩ ᠲᠩᠷᠢ ᠡᠵᠢ ᠮᠢᠨᠢ ᠪᠠᠢᠨ᠎ᠠ
ᠡᠷᠭᠦᠭᠰᠡᠨ ᠰᠦᠨ ᠳ᠋ᠡᠭᠡᠨ ᠦᠷᠡᠰ ᠢ᠋ᠶ᠋ᠡᠨ ᠳᠠᠭᠠᠳᠬᠠᠭᠰᠠᠨ
ᠥᠭᠡᠯᠦᠨ ᠡᠵᠢ ᠶ᠋ᠢᠨ ᠤᠳᠤᠮ ᠪᠠᠢᠨ᠎ᠠ
ᠳᠤᠷᠠᠯᠠᠭᠠᠳ ᠬᠠᠢᠷᠠᠯᠠᠭᠠᠳ ᠵᠢᠷᠭᠠᠵᠤ ᠰᠠᠭᠤᠮᠠᠷ
ᠳᠠᠭᠤᠤ ᠰᠢᠭ᠋ ᠰᠠᠢᠬᠠᠨ ᠪᠦᠰᠡᠭᠦᠢ ᠪᠠᠢᠨ᠎ᠠ
ᠬᠠᠲᠤᠨ ᠶᠠᠲᠤᠭ᠎ᠠ ᠶ᠋ᠢᠨ ᠡᠭᠡᠰᠢᠭ ᠲᠦ᠍ ᠤᠶᠠᠷᠠᠭᠠᠳ
ᠬᠣᠣᠰᠯᠠᠨ ᠪᠥᠵᠢᠮᠡᠷ ᠮᠣᠩᠭᠣᠯ ᠪᠦᠰᠡᠭᠦᠢ ᠪᠠᠢᠨ᠎ᠠ
ᠳᠠᠭᠤᠯᠠᠭᠠᠳ ᠤᠶᠠᠷᠠᠭᠤᠨ ᠵᠢᠷᠭᠠᠵᠤ ᠰᠠᠭᠤᠮᠠᠷ
ᠳᠠᠭᠤᠤ ᠰᠢᠭ᠋ ᠭᠡᠭᠡᠨ ᠪᠦᠰᠡᠭᠦᠢ ᠪᠠᠢᠨ᠎ᠠ
ᠬᠠᠲᠤᠨ ᠶᠠᠲᠤᠭ᠎ᠠ ᠶ᠋ᠢᠨ ᠡᠭᠡᠰᠢᠭ ᠲᠦ᠍ ᠤᠶᠠᠷᠠᠭᠠᠳ
ᠬᠣᠣᠰᠯᠠᠨ ᠪᠥᠵᠢᠮᠡᠷ ᠮᠣᠩᠭᠣᠯ ᠪᠦᠰᠡᠭᠦᠢ ᠪᠠᠢᠨ᠎ᠠ
ᠬᠣᠣᠰᠯᠠᠨ ᠪᠥᠵᠢᠮᠡᠷ ᠮᠣᠩᠭᠣᠯ ᠪᠦᠰᠡᠭᠦᠢ ᠪᠠᠢᠨ᠎ᠠ
ᠦᠰᠦᠭ ᠬᠠᠲᠠᠭᠴᠢ᠄ ᠡᠷᠳᠡᠨᠢᠪᠢᠯᠢᠭ
ᠠᠮᠢᠯᠠᠭᠤᠯᠤᠭᠴᠢ᠄ ᠡᠷᠳᠡᠨᠢᠪᠢᠯᠢᠭ
ᠬᠢᠨᠠᠭᠠᠴᠢ᠄ ᠣᠳᠬᠣᠩᠬᠤᠸᠠᠷ
