ᠤᠭᠤᠴᠠ ᠰᠢᠭᠦᠰᠦ ᠲᠠᠯᠪᠢᠬᠤ ᠳᠠᠭᠤᠤ -ᠨᠠᠰᠤᠨᠴᠢᠮᠡᠭУуц шүүс тавих дуу-Насончимэг
ᠤᠭᠤᠴᠠ ᠰᠢᠭᠦᠰᠦ ᠲᠠᠯᠪᠢᠬᠤ ᠳᠠᠭᠤᠤ
ᠤᠷᠠᠳ ᠠᠷᠠᠳ ᠤ᠋ᠨ ᠳᠠᠭᠤᠤ
ᠦᠭᠡ᠂ ᠠᠶ᠎ᠠ᠄ ᠯᠣᠪᠰᠠᠩᠳᠠᠮᠪᠢᠵᠠᠯᠰᠠᠩ( ᠮᠡᠷᠭᠡᠨ ᠭᠡᠭᠡᠨ)
ᠳᠠᠭᠤᠴᠢᠨ᠄ ᠨᠠᠰᠤᠨᠴᠢᠮᠡᠭ
ᠠᠭᠤᠳᠠᠮ ᠮᠣᠩᠭᠣᠯ ᠤ᠋ᠨ ᠪᠤᠶᠠᠨ ᠢ᠋ᠶ᠋ᠠᠷ ᠢ᠋ᠶ᠋ᠠᠨ
ᠤᠭᠤᠴᠠ ᠰᠢᠭᠦᠰᠦ ᠪᠡᠨ ᠲᠠᠯᠪᠢᠶ᠎ᠠ ᠳᠠ
ᠤᠷᠢᠳᠤ ᠶ᠋ᠢᠨ ᠢᠷᠦᠭᠡᠯ ᠦ᠋ᠨ ᠬᠦᠴᠦᠨ ᠢ᠋ᠶ᠋ᠡᠷ ᠢ᠋ᠶ᠋ᠡᠨ
ᠠᠭᠤᠯᠵᠠᠨ ᠰᠠᠭᠤᠵᠤ ᠨᠠᠢᠷᠯᠠᠶ᠎ᠠ ᠳᠠ᠃
ᠬᠠᠯᠠᠭᠤᠨ ᠬᠣᠰᠢᠭᠤᠲᠤ ᠬᠣᠨᠢᠨ ᠤ᠋ ᠪᠠᠨ
ᠬᠠᠮᠤᠭ ᠳᠡᠭᠡᠵᠢ ᠶ᠋ᠢ ᠵᠣᠭᠣᠭᠯᠠᠶᠠ ᠳᠠ
ᠬᠠᠳ ᠢᠷᠭᠡᠳ ᠪᠦᠭᠦᠳᠡᠭᠡᠷ ᠢ᠋ᠶ᠋ᠡᠨ
ᠬᠠᠮᠲᠤ ᠪᠠᠷ ᠰᠠᠭᠤᠵᠤ ᠨᠠᠢᠷᠯᠠᠶ᠎ᠠ ᠳᠠ᠃
ᠲᠠᠪᠤᠨ ᠬᠣᠰᠢᠭᠤ ᠮᠠᠯ ᠤ᠋ᠨ ᠰᠢᠮ᠎ᠡ
ᠲᠠᠪᠠᠲᠠᠢ ᠢᠳᠡᠭᠡᠨ ᠢ᠋ᠶ᠋ᠡᠨ ᠳᠡᠭᠡᠵᠢᠯᠡᠶ᠎ᠡ ᠳᠡ
ᠲᠠᠪᠤᠨ ᠲᠥᠷᠥᠯ ᠦ᠋ᠨ ᠠᠬ᠎ᠠ ᠳᠡᠭᠦᠦ ᠨᠠᠷ
ᠲᠠᠩᠰᠤᠭ ᠰᠠᠢᠬᠠᠨ ᠢ᠋ᠶ᠋ᠠᠷ ᠵᠢᠷᠭᠠᠶ᠎ᠠ ᠳᠠ᠃
ᠠᠷᠪᠠᠨ ᠵᠦᠭ ᠦ᠋ᠨ ᠴᠢᠭᠤᠯᠤᠭᠰᠠᠨ
ᠠᠴᠢᠲᠤ ᠪᠤᠷᠬᠠᠳ ᠤ᠋ᠨ ᠬᠡᠰᠢᠭ ᠢ᠋ᠶ᠋ᠡᠷ
ᠠᠷᠢᠭᠤᠨ ᠢᠷᠦᠭᠡᠯ ᠦ᠋ᠨ ᠨᠥᠬᠥᠳ ᠲᠡᠢ ᠪᠡᠨ
ᠠᠰᠢᠲᠠᠢ ᠰᠠᠢᠬᠠᠨ ᠢ᠋ᠶ᠋ᠠᠷ ᠵᠢᠷᠭᠠᠶ᠎ᠠ ᠳᠠ
ᠠᠷᠢᠭᠤᠨ ᠢᠷᠦᠭᠡᠯ ᠦ᠋ᠨ ᠨᠥᠬᠥᠳ ᠲᠡᠢ ᠪᠡᠨ
ᠠᠰᠢᠲᠠᠢ ᠰᠠᠢᠬᠠᠨ ᠢ᠋ᠶ᠋ᠠᠷ ᠵᠢᠷᠭᠠᠶ᠎ᠠ ᠳᠠ᠃
ᠦᠰᠦᠭ ᠠᠮᠢᠯᠠᠭᠤᠯᠤᠭᠴᠢ᠄ ᠴᠡᠴᠡᠭ
ᠦᠰᠦᠭ ᠬᠠᠳᠠᠭᠴᠢ᠄ ᠴᠡᠴᠡᠭ
ᠬᠢᠨᠠᠭᠴᠢ᠄ ᠤᠳᠬᠠᠨᠰᠣ᠎ᠠ
