ᠳᠡᠯᠭᠡᠷ ᠠᠭᠤᠯᠠ - ᠪᠠ᠊· ᠮᠥᠩᠬᠡᠲᠡᠮᠦᠷ Дэлгэр уул-Б·Мөнхтөмөр
ᠳᠡᠯᠭᠡᠷ ᠠᠭᠤᠯᠠ
ᠦᠭᠡ᠄ ᠪᠠ᠊· ᠰᠣᠳᠣᠰᠡᠴᠡᠨ
ᠠᠶ᠎ᠠ᠄ ᠪᠠ᠊· ᠰᠣᠳᠣᠰᠡᠴᠡᠨ
ᠳᠠᠭᠤᠴᠢᠨ᠄ ᠪᠠ᠊· ᠮᠥᠩᠬᠡᠲᠡᠮᠦᠷ
ᠴᠠᠭ ᠤ᠋ᠨ ᠤᠷᠢᠨ ᠢ᠋ᠶ᠋ᠠᠷ ᠵᠡᠷᠭᠡᠯᠭᠡ ᠲᠣᠭᠯᠠᠭᠰᠠᠨ
ᠰᠦ ᠳᠡᠭᠡᠵᠢᠯᠡᠬᠦ ᠴᠠᠭᠠᠬᠠᠨ ᠣᠷᠣᠢ ᠲᠠᠢ
ᠴᠠᠩ ᠲᠠᠢ ᠡᠪᠦᠯ ᠢ᠋ ᠥᠩ ᠲᠡᠢ ᠥᠩᠭᠡᠷᠡᠭᠡᠭᠰᠡᠨ
ᠰᠦᠷᠦᠭ ᠨᠠᠯᠠᠢᠬᠤ ᠳᠤᠯᠠᠭᠠᠬᠠᠨ ᠨᠥᠮᠥᠷᠢ ᠲᠡᠢ
ᠠ ᠠ᠁ ᠬᠦ ᠠ ᠠ᠁ ᠬᠦ
ᠦᠷ᠎ᠡ ᠨᠠᠮ᠎ᠠ ᠶ᠋ᠢ ᠪᠡᠨ ᠪᠦᠪᠡᠢᠯᠡᠭᠰᠡᠨ
ᠳᠡᠯᠭᠡᠷ ᠠᠭᠤᠯᠠ ᠮᠢᠨᠢ ᠭᠣᠶᠣᠬᠠᠨ ᠳᠠ ᠬᠦ
᠂
ᠬᠠᠩᠭᠠᠢ ᠶ᠋ᠢᠨ ᠠᠭᠠᠷ ᠲᠤ᠌ ᠤᠷᠭ᠎ᠠ ᠪᠠᠨ ᠰᠡᠯᠢᠭᠰᠡᠨ
ᠠᠳᠤᠭᠤᠴᠢᠨ ᠡᠷ᠎ᠡ ᠶ᠋ᠢᠨ ᠪᠠᠭᠤᠳᠠᠯ ᠪᠣᠯᠤᠭᠰᠠᠨ
ᠬᠠᠢᠷ᠎ᠠ ᠶ᠋ᠢᠨ ᠰᠡᠳᠬᠢᠯ ᠢ᠋ᠶ᠋ᠡᠨ ᠬᠠᠷᠢᠯᠴᠠᠨ ᠶᠠᠷᠢᠯᠴᠠᠬᠤ
ᠠᠮᠠᠷᠠᠭ ᠵᠠᠯᠠᠭᠤᠰ ᠤ᠋ᠨ ᠴᠡᠴᠡᠷᠯᠢᠭ ᠪᠣᠯᠤᠭᠰᠠᠨ
ᠠ ᠠ᠁ ᠬᠦ ᠠ ᠠ᠁ ᠬᠦ
ᠦᠷ᠎ᠡ ᠨᠠᠮ᠎ᠠ ᠶ᠋ᠢ ᠪᠡᠨ ᠪᠦᠪᠡᠢᠯᠡᠭᠰᠡᠨ
ᠳᠡᠯᠭᠡᠷ ᠮᠢᠨᠢ ᠭᠣᠶᠣᠬᠠᠨ ᠳᠠ ᠬᠦ
᠂
ᠲᠤᠭᠤᠯᠯᠠᠭᠰᠠᠨ ᠦᠨᠢᠶᠡᠨ ᠦ᠌ ᠮᠥᠭᠡᠷᠡᠭᠡ ᠳᠠᠭᠤᠷᠢᠰᠤᠭᠰᠠᠨ
ᠳᠠᠭᠤᠯᠠᠭᠰᠠᠨ ᠳᠠᠭᠤᠨ ᠤ᠋ ᠡᠭᠡᠰᠢᠭ ᠬᠣᠣᠰᠯᠠᠭᠰᠠᠨ
ᠬᠡᠭᠡᠷ᠎ᠡ ᠶ᠋ᠢᠨ ᠴᠡᠴᠡᠭ ᠦ᠋ᠳ ᠦ᠋ᠨ ᠦᠨᠦᠷ ᠠᠩᠬᠢᠯᠤᠭᠰᠠᠨ
ᠬᠦᠷᠦᠭᠰᠡᠨ ᠬᠥᠮᠦᠰ ᠦ᠋ᠨ ᠰᠡᠳᠬᠢᠯ ᠢ᠋ ᠲᠠᠲᠠᠭᠰᠠᠨ
ᠠ ᠠ᠁ ᠬᠦ ᠠ ᠠ᠁ ᠬᠦ
ᠦᠷ᠎ᠡ ᠨᠠᠮ᠎ᠠ ᠶ᠋ᠢ ᠪᠡᠨ ᠪᠦᠪᠡᠢᠯᠡᠭᠰᠡᠨ
ᠳᠡᠯᠭᠡᠷ ᠠᠭᠤᠯᠠ ᠮᠢᠨᠢ ᠭᠣᠶᠣᠬᠠᠨ ᠳᠠ ᠬᠦ
ᠠ ᠠ᠁ ᠬᠦ ᠠ ᠠ᠁ ᠬᠦ
ᠦᠷ᠎ᠡ ᠨᠠᠮ᠎ᠠ ᠶ᠋ᠢ ᠪᠡᠨ ᠪᠦᠪᠡᠢᠯᠡᠭᠰᠡᠨ
ᠳᠡᠯᠭᠡᠷ ᠠᠭᠤᠯᠠ ᠮᠢᠨᠢ ᠭᠣᠶᠣᠬᠠᠨ ᠳᠠ ᠬᠦ
ᠳᠡᠯᠭᠡᠷ ᠠᠭᠤᠯᠠ ᠮᠢᠨᠢ ᠭᠣᠶᠣᠬᠠᠨ ᠳᠠ ᠬᠦ
ᠥᠨᠢᠮᠥ᠋ᠩᠬᠡ᠄ ᠦᠰᠦᠭ ᠬᠠᠲᠠᠵᠤ ᠦᠰᠦᠭ ᠠᠮᠢᠯᠠᠭᠤᠯᠪᠠ
ᠬᠢᠨᠠᠭᠴᠢ ᠪᠠᠭᠰᠢ᠄ ᠢᠷᠡᠭᠡᠳᠦᠢ
