ᠢᠯᠡᠭᠦᠦ ᠰᠠᠷ᠎ᠠ ᠲᠠᠢ ᠨᠠᠮᠤᠷ-ᠪ ᠭᠠᠩᠲᠤᠶᠠᠭ᠎ᠠБ.Гантуяа Илүү сартай намарGantuya Iluu sartai namar ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠯᠡᠭᠦᠦ ᠰᠠᠷ᠎ᠠ ᠲᠠᠢ ᠨᠠᠮᠤᠷ-ᠪ ᠭᠠᠩᠲᠤᠶᠠᠭ᠎ᠠБ.Гантуяа Илүү сартай намарGantuya Iluu sartai namar

ᠢᠯᠡᠭᠦᠦ ᠰᠠᠷ᠎ᠠ ᠲᠠᠢ ᠨᠠᠮᠤᠷ-ᠪ ᠭᠠᠩᠲᠤᠶᠠᠭ᠎ᠠБ.Гантуяа Илүү сартай намарGantuya Iluu sartai namar

ᠠᠩᠭᠢᠯᠠᠯ:ᠳᠠᠭᠤᠤ ᠬᠥᠭᠵᠢᠮ
2024-10-29

776

ᠢᠯᠡᠭᠦᠦ ᠰᠠᠷ᠎ᠠ ᠲᠠᠢ ᠨᠠᠮᠤᠷ


     ᠦᠭᠡ᠄ ᠨ•ᠪᠠᠶᠠᠨᠮᠥ᠋ᠩᠬᠡ   
     ᠠᠶ᠎ᠠ᠄ ᠣ• ᠡᠷᠳᠡᠨᠢ  
     ᠳᠠᠭᠤᠴᠢᠨ᠄ ᠤ᠋• ᠭᠠᠩᠲᠤᠶᠠᠭ᠎ᠠ  

ᠰᠡᠷᠭᠦᠯᠡᠩ ᠦᠦᠷ ᠢ᠋ᠶ᠋ᠡᠷ ᠵᠡᠭᠦᠳᠦ ᠪᠡᠨ ᠮᠠᠨᠠᠵᠤ  
ᠰᠡᠮᠬᠡᠨ ᠳᠣᠭᠳᠣᠯᠬᠤ ᠮᠢᠨᠢ ᠬᠠᠢᠷ᠎ᠠ ᠶᠤᠮ ᠠ᠋  
ᠰᠡᠳᠬᠢᠯ ᠳ᠋ᠦ᠍ ᠣᠢᠷᠠᠬᠠᠨ ᠳᠠᠭᠤᠤ ᠪᠠᠨ ᠳᠠᠭᠤᠯᠠᠭᠠᠳ  
ᠰᠡᠷᠭᠦᠵᠦ ᠬᠥᠭᠡᠷᠬᠦ ᠮᠢᠨᠢ ᠬᠠᠢᠷ᠎ᠠ ᠶᠤᠮ ᠠ᠋᠃   
ᠠᠢᠯ ᠤ᠋ᠨ ᠬᠠᠷ᠎ᠠ ᠬᠦᠦ ᠤᠶᠠᠭᠠᠨ ᠳᠡᠭᠡᠷ᠎ᠡ ᠪᠠᠭᠤᠬᠤ ᠳ᠋ᠤ᠌
ᠠᠨᠳᠠᠭᠤᠷᠠᠵᠤ ᠪᠣᠰᠬᠤ ᠮᠢᠨᠢ ᠬᠠᠢᠷ᠎ᠠ ᠶᠤᠮ ᠠ᠋
ᠠᠷᠭ᠎ᠠ ᠦᠭᠡᠢ ᠠᠮᠠᠷᠠᠭ ᠢ᠋ ᠠᠶᠠᠯᠵᠤ ᠪᠠᠢᠭᠠᠳ
ᠠᠯᠤᠰ ᠢ᠋ ᠬᠠᠷᠠᠬᠤ ᠮᠢᠨᠢ ᠬᠠᠢᠷ᠎ᠠ ᠶᠤᠮ ᠠ᠋᠃
ᠢᠷᠡᠭᠡᠰᠡᠢ ᠭᠡᠭᠰᠡᠭᠡᠷ ᠬᠦᠯᠢᠶᠡᠭᠰᠡᠨ ᠪᠠᠢᠲᠠᠯ᠎ᠠ
ᠢᠴᠢᠩᠬᠦᠢᠷᠡᠵᠦ ᠵᠢᠭᠤᠲᠠᠬᠤ ᠮᠢᠨᠢ ᠬᠠᠢᠷ᠎ᠠ ᠶᠤᠮ ᠠ᠋
ᠢᠯᠡᠭᠦᠦ ᠰᠠᠷ᠎ᠠ ᠲᠠᠢ ᠨᠠᠮᠤᠷ ᠢ᠋ᠶ᠋ᠠᠷ ᠴᠢ
ᠢᠯᠡᠴᠢᠯᠡᠵᠦ ᠠᠮᠵᠢᠭ᠎ᠠ ᠦᠭᠡᠢ ᠬᠠᠢᠷ᠎ᠠ ᠮᠢᠨᠢ ᠶᠦᠮ ᠠ᠋᠃

ᠪᠣᠷᠣᠭᠠᠨ ᠲᠠᠢ ᠡᠳᠦᠷ ᠢ᠋ᠶ᠋ᠡᠷ ᠰᠡᠳᠬᠢᠯ ᠭᠡᠭᠡᠯᠵᠡᠵᠦ
ᠪᠣᠰᠴᠤ ᠰᠠᠭᠤᠬᠤ ᠮᠢᠨᠢ ᠬᠠᠢᠷ᠎ᠠ ᠶᠤᠮ ᠠ᠋
ᠪᠣᠲᠣᠭᠣᠨ ᠪᠤᠢᠯᠠᠭᠠᠨ ᠳ᠋ᠤ᠌ ᠰᠡᠳᠬᠢᠯ ᠵᠥᠭᠡᠯᠡᠷᠡᠵᠦ
ᠪᠣᠳᠣᠯ ᠳ᠋ᠤ᠌ ᠠᠪᠲᠠᠬᠤ ᠮᠢᠨᠢ ᠬᠠᠢᠷ᠎ᠠ ᠶᠤᠮ ᠠ᠋᠃
ᠡᠷᠭᠢᠴᠡᠬᠦ ᠮᠣᠷᠢᠲᠠᠨ ᠤᠶᠠᠭᠠᠨ ᠳᠡᠭᠡᠷ᠎ᠡ ᠪᠠᠭᠤᠬᠤ ᠳ᠋ᠤ᠌
ᠡᠨᠳᠡᠭᠦᠷᠡᠵᠦ ᠪᠣᠰᠬᠤ ᠮᠢᠨᠢ ᠬᠠᠢᠷ᠎ᠠ ᠶᠤᠮ ᠠ᠋
ᠡᠷ᠎ᠡ ᠪᠣᠷᠣ ᠬᠠᠷᠴᠠᠭᠠᠢ ᠶ᠋ᠢ ᠰᠣᠨᠣᠰᠴᠤ ᠪᠠᠢᠭᠠᠳ
ᠡᠩᠭᠡᠰᠬᠡ ᠬᠠᠢᠬᠤ ᠮᠢᠨᠢ ᠬᠠᠢᠷ᠎ᠠ ᠶᠤᠮ ᠠ᠋
ᠢᠷᠡᠭᠡᠰᠡᠢ ᠭᠡᠭᠰᠡᠭᠡᠷ ᠬᠦᠯᠢᠶᠡᠭᠰᠡᠨ ᠪᠠᠢᠲᠠᠯ᠎ᠠ ᠪᠠᠨ
ᠢᠴᠢᠩᠬᠦᠢᠷᠡᠵᠦ ᠵᠢᠭᠤᠲᠠᠬᠤ ᠮᠢᠨᠢ ᠬᠠᠢᠷ᠎ᠠ ᠶᠤᠮ ᠠ᠋
ᠢᠯᠡᠭᠦᠦ ᠰᠠᠷ᠎ᠠ ᠲᠠᠢ ᠨᠠᠮᠤᠷ ᠢ᠋ᠶ᠋ᠠᠷ ᠴᠢ
ᠢᠯᠡᠴᠢᠯᠡᠵᠦ ᠠᠮᠵᠢᠭ᠎ᠠ ᠦᠭᠡᠢ ᠬᠠᠢᠷ᠎ᠠ ᠮᠢᠨᠢ ᠶᠦᠮ ᠠ᠋᠃

ᠰᠠᠭᠠᠯᠢ ᠶ᠋ᠢᠨ ᠵᠡᠯ᠎ᠡ ᠤᠷᠤᠭᠤ ᠠᠯᠬᠤᠵᠤ ᠶᠠᠪᠤᠬᠤ ᠳ᠋ᠠᠭᠠᠨ
ᠰᠠᠨᠳᠤᠵᠤ ᠬᠦᠯᠢᠶᠡᠬᠦ ᠮᠢᠨᠢ ᠬᠠᠢᠷ᠎ᠠ ᠶᠤᠮ ᠠ᠋
ᠬᠣᠶᠠᠷ ᠵᠠᠭᠠᠯ ᠢ᠋ ᠬᠠᠷᠠᠵᠤ ᠪᠠᠢᠭᠠᠳ
ᠬᠣᠯᠠ ᠶ᠋ᠢ ᠪᠣᠳᠣᠬᠤ ᠮᠢᠨᠢ ᠬᠠᠢᠷ᠎ᠠ ᠶᠤᠮ ᠠ᠋᠃
ᠰᠠᠭᠠᠬᠠᠯᠲᠠ ᠶ᠋ᠢᠨ ᠤᠶᠠᠭ᠎ᠠ ᠤᠷᠤᠭᠤ ᠠᠩᠵᠠᠭᠠᠷᠠᠵᠤ ᠵᠣᠭᠰᠣᠭᠠᠳ
ᠰᠠᠨᠳᠤᠷᠴᠤ ᠡᠷᠭᠢᠬᠦ ᠮᠢᠨᠢ ᠬᠠᠢᠷ᠎ᠠ ᠶᠤᠮ ᠠ᠋
ᠰᠠᠢᠬᠠᠨ ᠳᠠᠭᠤᠤ ᠪᠠᠨ ᠳᠠᠭᠤᠯᠠᠵᠤ ᠪᠠᠢᠭᠠᠳ
ᠰᠠᠨᠠᠭ᠎ᠠ ᠠᠯᠳᠠᠬᠤ ᠮᠢᠨᠢ ᠬᠠᠢᠷ᠎ᠠ ᠶᠤᠮ ᠠ᠋᠃
ᠢᠷᠡᠭᠡᠰᠡᠢ ᠭᠡᠭᠰᠡᠭᠡᠷ ᠬᠦᠯᠢᠶᠡᠭᠰᠡᠨ ᠪᠠᠢᠲᠠᠯ᠎ᠠ ᠪᠠᠨ
ᠢᠴᠢᠩᠬᠦᠢᠷᠡᠵᠦ ᠵᠢᠭᠤᠲᠠᠬᠤ ᠮᠢᠨᠢ ᠬᠠᠢᠷ᠎ᠠ ᠶᠤᠮ ᠠ᠋
ᠢᠯᠡᠭᠦᠦ ᠰᠠᠷ᠎ᠠ ᠲᠠᠢ ᠨᠠᠮᠤᠷ ᠢ᠋ᠶ᠋ᠠᠷ ᠴᠢ
ᠢᠯᠡᠴᠢᠯᠡᠵᠦ ᠠᠮᠵᠢᠭ᠎ᠠ ᠦᠭᠡᠢ ᠬᠠᠢᠷ᠎ᠠ ᠮᠢᠨᠢ ᠶᠦᠮ ᠠ᠋᠃
ᠢᠷᠡᠭᠡᠰᠡᠢ ᠭᠡᠭᠰᠡᠭᠡᠷ ᠬᠦᠯᠢᠶᠡᠭᠰᠡᠨ ᠪᠠᠢᠲᠠᠯ᠎ᠠ ᠪᠠᠨ
ᠢᠴᠢᠩᠬᠦᠢᠷᠡᠵᠦ ᠵᠢᠭᠤᠲᠠᠬᠤ ᠮᠢᠨᠢ ᠬᠠᠢᠷ᠎ᠠ ᠶᠤᠮ ᠠ᠋
ᠢᠯᠡᠭᠦᠦ ᠰᠠᠷ᠎ᠠ ᠲᠠᠢ ᠨᠠᠮᠤᠷ ᠢ᠋ᠶ᠋ᠠᠷ ᠴᠢ
ᠢᠯᠡᠴᠢᠯᠡᠵᠦ ᠠᠮᠵᠢᠭ᠎ᠠ ᠦᠭᠡᠢ ᠬᠠᠢᠷ᠎ᠠ ᠮᠢᠨᠢ ᠶᠦᠮ ᠠ᠋᠃

    ᠦᠰᠦᠭ ᠬᠠᠳᠠᠭᠴᠢ᠄ ᠵᠢᠷᠠᠨᠲᠠᠢ
    ᠦᠰᠦᠭ ᠠᠮᠢᠯᠠᠭᠤᠯᠤᠭᠴᠢ᠄ ᠤᠤᠭᠠᠨᠵᠢᠳ
    ᠬᠢᠨᠠᠭᠴᠢ᠄ ᠮᠡᠷᠭᠡᠨᠪᠢᠯᠢᠭ